ᠨᠡᠪᠲᠡᠷᠡᠨ ᠤᠷᠤᠬᠤ
ᠪᠢᠯᠡᠭᠦᠨ ᠴᠢᠯᠠᠭᠤ

ᠣᠷᠴᠢᠯᠠᠩ ᠤᠨ ᠣᠯᠠᠨ ᠭᠦᠳᠡᠷ ᠤᠨ ᠴᠢᠯᠠᠭᠤᠨ ᠤ ᠲᠦᠷᠦᠯ ᠴᠤ

ᠣᠠᠴᠠᠭᠠᠢ ᠠᠭᠤᠷᠬᠠᠢ ᠡᠴᠠ ᠪᠠᠶ᠎ᠠ ᠪᠦᠳᠤᠨ ᠴᠢᠨᠠᠷᠵᠢᠳᠠᠭ

ᠠᠭᠤᠯᠠ ᠬᠠᠳᠠᠨ ᠡᠴᠠ ᠪᠠᠨ ᠭᠡᠯᠳᠡᠷᠭᠡᠢ ᠪᠣᠯᠵᠤ ᠣᠨᠠᠭᠰᠠᠨ ᠴᠤ

ᠣᠤᠷ ᠴᠢᠨᠠᠷ ᠶᠢᠡᠷ ᠶᠢᠡᠨ ᠭᠦᠷᠦᠰᠤᠨ ᠤ ᠪᠠᠨ ᠬᠠᠢ᠌ᠷ᠎ᠠ ᠶᠢ ᠳᠠᠳᠠᠳᠠᠭ


ᠶ‍ᠢᠷᠳᠢᠠᠴᠤ ᠶᠢ ᠵᠠᠰᠠᠬᠤ ᠵᠠᠷ ᠵᠠᠪᠰᠠᠩ ᠢ ᠢᠷᠯᠡᠳᠡᠭ᠌ ᠴᠤ

ᠶᠡᠭᠡ ᠶᠢ ᠪᠦᠳᠦᠭᠡᠯ᠎ᠡ ᠭᠡᠵᠤ ᠪᠠᠶ᠎ᠠ ᠪᠠᠨ ᠶᠠᠷᠤ ᠭᠠᠢ᠌ᠬᠠᠭᠤᠯᠳᠠᠭ ᠥᠭᠡᠢ

ᠢᠷᠯᠡᠭ᠍ᠰᠡᠨ ᠵᠣᠢ᠌ᠯ ᠨᠢ ᠰᠠᠷᠠᠨ ᠳᠤ ᠴᠤ ᠣᠴᠢᠭᠠᠤᠨ ᠭᠢᠯᠠᠯᠵᠠᠬᠤ ᠳ᠋ᠤ

ᠢᠪᠠᠭᠡᠯᠳᠤ ᠳᠡᠭ᠍ᠷᠢ ᠶᠢᠨ ᠨᠠᠷᠠᠨ ᠨᠢ ᠳᠡᠭᠦᠨ ᠢ ᠱᠠᠩᠨᠠᠳᠠᠭ


ᠥᠷᠦᠭᠡᠯ ᠢ ᠢᠷᠯᠠᠵᠤ ᠦᠪᠡᠷ ᠤᠨ ᠪᠠᠶ᠎ᠠ ᠪᠠᠨ ᠬᠤᠷᠤᠭᠠᠭᠰᠠᠨ ᠴᠤ

ᠥᠷᠡᠭ᠍ᠳᠡᠭᠦᠯᠭᠦ ᠵᠠᠶᠠᠭ᠎ᠠ ᠲᠡᠶ ᠭᠡᠵᠤ ᠭᠤᠳᠤᠷᠠᠵᠤ ᠶᠠᠷᠤ ᠭᠡᠪᠳᠡᠳᠡᠭ᠌ ᠥᠭᠡᠢ

ᠡᠯᠳᠡᠩ ᠬᠤᠷᠸ᠎ᠠ ᠶᠢᠨ ᠬᠠᠷᠠᠩᠭ᠋ᠤᠢ ᠬᠠᠵᠠᠭᠠᠢ ᠶᠢ ᠴᠠᠪᠴᠢ ᠭᠡᠵᠤ

ᠡᠷᠳᠡᠨᠢ ᠶᠢᠨ ᠰᠠᠯᠠᠮ᠎ᠠ ᠳᠤ ᠳᠤᠷᠭᠠᠨ ᠢᠷ ᠣᠷᠤᠭᠤᠯᠳᠠᠭ


ᠵᠠᠰᠠᠯ ᠤᠨ ᠴᠢᠯᠠᠭᠤ ᠰᠢᠭ ᠭᠠᠳᠠᠨ᠎ᠠ ᠪᠠᠨ ᠭᠡᠯᠪᠠᠭ᠎ᠠ ᠳᠠᠳᠠᠳᠠᠭ ᠦᠭᠡᠶ ᠴᠤ

ᠵᠢᠷᠦᠭᠡᠨ ᠳᠠᠮᠢᠷ ᠶᠢᠡᠷ ᠶᠢᠡᠨ ᠥᠷᠦᠭᠡᠯ ᠢ ᠭᠡᠷᠡᠯ ᠰᠠᠴᠤᠷᠠᠭᠤᠯᠳᠠᠭ

ᠵᠠᠭᠤᠨ ᠵᠠᠭᠤᠨ ᠳᠠᠭᠠᠨ ᠢᠷᠯᠡᠭᠦ ᠶᠢᠨ ᠡᠭᠦᠷᠭᠡ ᠪᠠᠨ ᠳᠡᠭᠡᠳᠦᠯᠡᠳᠡᠭ᠌ ᠡᠴᠠ

ᠵᠠᠯᠪᠠᠷᠢᠵᠤ ᠳᠠᠭᠠᠳᠬᠠᠭᠰᠠᠭᠠᠷ ᠪᠣᠷᠬᠠᠨ ᠪᠠᠭᠰᠢ ᠴᠤ ᠭᠦᠡᠳᠦᠳᠭᠡᠳᠡᠭ᠌


ᠵᠡᠪᠰᠡᠭ᠌ ᠪᠠᠭᠠᠵᠢ ᠶᠢ ᠵᠠᠷᠤᠬᠤ ᠶᠢᠨ ᠵᠠᠮ ᠳ᠋ᠤᠨᠢ ᠣᠷᠤᠭᠤᠯᠵᠤ

ᠵᠢᠪᠠᠷᠡᠭ᠍ᠰᠡᠨ ᠢ ᠥᠩᠭᠡᠵᠢᠭᠦᠯᠳᠡᠭ᠌ ᠨᠢ ᠪᠢᠯᠡᠭᠦᠨ ᠴᠢᠯᠠᠭᠤᠨ ᠤ ᠡᠭᠦᠷᠭᠡ ᠦᠦ︖

ᠳᠠᠷᠤᠤᠬᠠᠨ ᠳᠦᠷᠢ ᠪᠠᠷ ᠶᠢᠡᠨ ᠪᠣᠯᠤᠳ ᠬᠠᠰ ᠢ ᠴᠤ ᠨᠤᠮᠤᠬᠠᠳᠬᠠᠵᠤ

ᠳᠠᠭᠠᠭᠠᠮᠠᠭᠠᠢ ᠪᠠᠷ ᠢᠯᠠᠳᠠᠭ ᠨᠢ ᠪᠢᠯᠡᠭᠦᠨ ᠴᠢᠯᠠᠭᠤᠨ ᠤ ᠴᠢᠨᠠᠷ ᠦᠦ ︖



ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠭᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 01 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ