☆ ᠨᠠ᠊·ᠰᠦᠬᠡᠪᠠᠭᠠᠲᠤᠷ
ᠨᠠᠮᠤᠷ ᠤᠨ ᠦᠷᠯᠦᠭᠡ ᠴᠢᠮ᠎ᠠ ᠶᠢ ᠳᠤᠷᠠᠰᠬᠤᠢ
᠊᠊᠊᠊᠊᠊᠊᠊᠊᠊᠊᠊᠊᠊᠊ ᠴᠢᠨᠤ ᠰᠢᠪᠠᠨᠡᠭ᠍ᠰᠡᠨ ᠥᠭᠡᠰ
ᠨᠮᠤᠷ ᠤᠨ ᠬᠤᠩᠭ᠋ᠤᠷ ᠰᠠᠯᠭᠢᠨ ᠰᠢᠭ
ᠵᠢᠷᠦᠭᠡᠨ ᠳᠤᠯᠳᠤᠨ ᠳᠤ ᠢᠪᠢᠯᠵᠤ
ᠰᠡᠳᠭᠢᠯ ᠤᠨ ᠦᠷ ᠴᠠᠢ᠌ᠯᠭᠠᠨ᠎ᠠ
ᠦᠷ ᠮᠠᠩᠬᠠᠢ᠌ᠳᠠᠯᠠ ᠴᠠᠢ᠌ᠵᠠᠢ᠂
ᠥᠵᠦᠭ᠌ ᠪᠣᠭᠤᠷᠤᠯᠳᠤᠭᠤᠯᠬᠤ ᠨᠠᠮᠤᠷ ᠤᠨ ᠲᠠᠭᠠᠨ (daagan) ᠭᠢᠷᠠᠭᠤᠨ ᠳᠤ
ᠦᠴᠦᠭᠡᠳᠦᠷ ᠤᠨ ᠴᠢᠮᠡᠭᠡ ᠪᠦᠭᠦᠨ
ᠠᠨᠢᠷ ᠦᠭᠡᠶ ᠳᠠᠷᠤᠭᠳᠠᠵᠤ
ᠠᠢ᠌ᠯ ᠡᠴᠡ ᠰᠤᠭᠤᠨᠠᠭᠯᠠᠬᠤ ᠣᠳᠤᠭ᠎ᠠ
ᠠᠯᠢᠮᠠᠨ ᠰᠠᠷᠠᠨ ᠳᠤ ᠳᠠᠮᠠᠤᠯᠵᠤ ᠬᠤᠯᠠᠳᠠᠨ᠎ᠠ᠂
ᠵᠠᠮᠬᠠᠷᠠᠨ᠎ᠠ ᠁
ᠠᠨᠢᠷ ᠦᠭᠡᠶ ᠶᠢᠨ ᠳᠤᠮᠳᠠ
ᠠᠨᠢᠰᠬ᠎ᠠ ᠴᠢᠯᠡᠭᠡᠵᠤ
ᠬᠠᠷᠠᠭ᠎ᠠ
ᠠᠯᠤᠰ ᠲᠤ ᠳᠤᠭᠳᠠᠨ᠎ᠠ᠂
ᠴᠢᠨᠤ ᠪᠣᠴᠠᠭᠰᠠᠨ ᠵᠠᠮ
ᠵᠦᠷᠢᠭᠦᠤᠨ ᠳᠤᠭᠤᠯ ᠰᠢᠭ ᠶᠢᠡᠷ
ᠠᠭᠤᠯᠠ ᠳᠠᠪᠠᠨ ᠣᠤᠠᠴᠠᠢ᠃
ᠵᠠᠮ ᠤᠨ ᠨᠠᠮᠠᠳᠤ ᠥᠵᠦᠭᠦᠷ ᠲᠤ
ᠵᠠᠶᠠᠭ᠎ᠠ ᠮᠤᠬᠤᠷᠳᠠᠵᠤ
ᠪᠢ ᠵᠤᠭᠰᠤᠨ᠎ᠠ᠂
ᠴᠠᠭᠠᠳᠤ ᠥᠵᠦᠭᠦᠷ ᠨᠢ ᠣᠯᠳᠠᠭ᠎ᠠ ᠦᠭᠡᠶ
ᠴᠢ ᠥᠪᠠᠷᠳᠡᠭᠡᠨ ᠯᠠ ᠣᠬᠠᠨᠠ᠃
ᠠᠨᠢᠷ ᠦᠭᠡᠶ ᠶᠢᠨ ᠳᠤᠮᠳᠠ ᠪᠢ
ᠠᠶᠤᠳᠠᠰ ᠭᠦᠷᠭᠦ ᠪᠠᠨ ᠰᠠᠷᠠᠵᠤ
ᠭᠠᠭᠴᠠᠭᠠᠷᠳᠠᠵᠤ ᠭᠡᠭᠡᠪᠡ (gegeb)᠂
《ᠪᠣᠴᠠᠵᠤ ᠢᠷᠡᠭᠦ ᠦᠭᠡᠶ ᠦᠦ︖》 ᠭᠡᠰᠡᠨ
ᠵᠥᠭᠡᠯᠡᠨ ᠰᠡᠳᠭᠢᠯ ᠤᠨ ᠬᠠᠷᠢᠭᠤ ᠳᠤ
ᠰᠢᠪᠠᠨᠡᠭ᠍ᠰᠡᠨ ᠥᠭᠡ ᠴᠢᠨᠢ
ᠳᠠᠩᠴᠤ ᠬᠠᠳᠠᠭᠤ ᠰᠤᠨᠤᠰᠳᠠᠨ᠎ᠠ᠃
ᠨᠠᠷᠠ ᠥᠡᠳᠡᠢ᠌ᠭᠦ ᠳᠦᠭᠦᠵᠡᠢ᠂
ᠡᠷᠭᠢᠵᠤ ᠠᠯᠬᠤᠬᠤ ᠳᠤ
ᠠᠯᠠᠭ ᠴᠡᠴᠡᠭᠡᠰ ᠤᠨ ᠳᠡᠯᠪᠠᠭᠡ
ᠴᠠᠯ ᠭᠦᠢᠳᠡᠨ ᠨᠢ ᠮᠡᠳᠡᠭ᠍ᠳᠡᠵᠤ
ᠱᠠᠯ ᠨᠣᠢ᠌ᠳᠠᠨ ᠬᠠᠷᠠᠭᠳᠠᠨ᠎ᠠ᠂
ᠴᠡᠴᠡᠭᠡᠰ ᠮᠦᠨ ᠵᠤᠯᠭᠠᠷᠠᠭᠠ ᠦᠭᠡᠶ ᠠᠵᠠᠢ
ᠳᠡᠭᠡᠭᠡᠳ
ᠭᠡᠨ ᠣᠭᠢᠯᠠᠭᠰᠠᠨ ᠪᠣᠯ ᠡ︖ ︕
᠊᠊᠊᠊᠊᠊᠊᠊᠊᠊᠊᠊᠊᠊᠊ 2008.09.05 ᠰᠢᠯᠢ ᠶᠢᠨ ᠬᠤᠳᠠ
ᠵᠤᠬᠢᠶᠠᠭᠴᠢ ᠶᠢᠨ ᠬᠠᠶᠢᠭ ᠄ ᠯᠢᠶᠤᠤᠨᠢᠩ ᠶᠡᠭᠡ ᠰᠤᠷᠭᠠᠭᠤᠯᠢ
ᠵᠤᠬᠢᠶᠠᠭᠴᠢ᠄ ᠨᠠ᠊·ᠰᠦᠬᠡᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2010 ᠤᠨ ᠤ 04 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ