ᠨᠡᠪᠲᠡᠷᠡᠨ ᠤᠷᠤᠬᠤ
ᠠᠮᠢᠳᠤ ᠶᠢᠨ ᠬᠤᠷᠸ᠎ᠠ ᠨᠠᠳᠠᠳᠤ ᠠᠯᠠᠭ ᠵᠢᠷᠦᠭᠡ ᠱᠠᠩᠨᠠᠯ᠎ᠠ

ᠪᠣᠷᠤᠭᠤ ᠠᠯᠬᠤᠵᠤ ᠣᠢ᠌ᠴᠢᠵᠤ ᠣᠨᠠᠬᠤ ᠳᠤ

ᠪᠦᠳᠦᠷᠢᠭ᠍ᠰᠡᠨ ᠣᠷᠤᠨ ᠡᠴᠡ ᠪᠠᠨ ᠦᠨᠳᠠᠢ᠌ᠵᠤ ᠪᠣᠰ︕

ᠪᠦᠭᠡ ᠶᠢᠨ ᠨᠠᠢ᠌ᠷ ᠤᠨ ᠳᠡᠷᠢᠭᠦᠨ ᠱᠠᠩ ᠭᠦᠷᠳᠡᠭ᠍ᠰᠡᠨ ᠣᠩᠭ᠋ᠤᠨ ᠡᠷ᠎ᠡ ᠰᠢᠭ᠌

ᠪᠣᠳᠤᠯ ᠳᠠᠭᠠᠨ ᠢᠨᠢᠶᠠᠳᠤ ᠲ᠋ᠠᠢ ᠳᠠᠭᠢᠨ ᠪᠣᠰ ᠭᠡᠵᠤ

ᠪᠦᠭᠦᠨ ᠤ ᠬᠤᠷᠸ᠎ᠠ ᠨᠠᠳᠠᠳᠤ

ᠪᠦᠯᠢᠶᠡᠨ ᠵᠢᠷᠦᠭᠡ ᠱᠠᠩᠨᠠᠯ᠎ᠠ

ᠡ᠊ᠨᠳᠡᠭ᠍ᠳᠡᠭ᠍ᠰᠡᠨ ᠭᠦᠮᠤᠨ ᠪᠦᠭᠦᠨ ᠢ

ᠡᠮᠵᠢᠭ᠌ ᠲᠤ ᠪᠣᠤ ᠪᠣᠳᠤ︕

ᠡᠮᠡᠭᠡᠯᠳᠤ ᠮᠤᠷᠢᠨ ᠤ ᠪᠠᠨ ᠣᠯᠤᠩ ᠢ

ᠡᠷ᠎ᠡ ᠶᠢᠨ ᠰᠢᠠᠳᠠᠰᠤ ᠪᠠᠷ ᠳᠠᠭᠢᠨ ᠴᠢᠩᠭ᠋ᠠᠯᠠ

ᠡᠩ ᠳᠡᠯᠡᠭᠡᠢ ᠶᠢᠨ ᠡᠷ᠎ᠡ ᠰᠢᠭ᠌ ᠡᠷ᠎ᠡ ᠡᠴᠡ

ᠡᠷᠴᠢᠮ ᠲᠡᠶ ᠶᠠᠪᠣ ᠭᠡᠵᠤ

ᠡᠷᠢᠶᠡᠨ ᠬᠤᠷᠸ᠎ᠠ ᠨᠠᠳᠠᠳᠤ

ᠢᠨᠢᠶᠡᠭᠦ ᠵᠢᠷᠦᠭᠡ ᠪᠠᠯᠡᠭᠯᠡᠯ᠎ᠡ

ᠭᠦᠯ ᠠᠯᠳᠠᠵᠤ ᠨᠢᠭᠡ ᠪᠦᠳᠦᠷᠢᠭ᠍ᠰᠡᠨ ᠶᠢᠡᠨ

ᠭᠦᠮᠦᠵᠢᠯ ᠪᠣᠯᠭᠠᠵᠤ ᠭᠦᠨ ᠣᠬᠠᠭᠠᠷᠠ︕

ᠭᠦᠷᠦᠰᠦᠳᠤ ᠳᠡᠯᠡᠭᠡᠢ ᠶᠢᠨ ᠬᠠᠮᠢᠭ᠎ᠠ ᠨᠢ ᠴᠤ

ᠭᠦᠯ ᠭᠡᠰᠭᠢᠭᠦ ᠭᠠᠵᠠᠷ ᠠᠭᠤᠳᠠᠮ ᠭᠡᠵᠤ ᠮᠠᠳᠠ

ᠭᠦᠮᠤᠨ ᠤ ᠵᠠᠶᠠᠭ᠎ᠠ ᠲᠡᠶ ᠬᠤᠷᠸ᠎ᠠ ᠳᠤ

ᠭᠦᠰᠡᠯ ᠤᠨ ᠰᠠᠢ᠌ᠬᠠᠨ ᠢᠳᠡᠭᠡᠯ ᠶᠢᠡᠷ ᠪᠠᠶᠠᠨ ᠶᠠᠪᠣ ᠭᠡᠵᠤ

ᠭᠦᠵᠢ ᠬᠤᠷᠸ᠎ᠠ ᠨᠠᠳᠠᠳᠤ

ᠭᠦᠷᠡᠩ ᠵᠢᠷᠦᠭᠡ ᠱᠠᠩᠨᠠᠯ᠎ᠠ

ᠠᠯᠬᠤᠵᠤ ᠢᠷᠡᠭ᠍ᠰᠡᠨ ᠵᠠᠮ ᠵᠢᠠᠨ

ᠠᠷᠤᠨᠰᠢ ᠪᠠᠨ ᠬᠠᠷᠠᠵᠤ ᠨᠢᠭᠡ ᠦᠵᠡ

ᠠᠯᠤᠰ ᠲᠤ ᠰᠤᠨᠤᠯᠵᠠᠬᠤ ᠮᠠᠴᠤᠬᠤ ᠵᠠᠮ ᠤᠨ ᠶᠢᠡᠨ

ᠠᠯᠬᠤᠮ ᠪᠦᠷᠢ ᠳᠤ ᠭᠡᠴᠢᠶᠡ︕

ᠠᠯᠠᠭᠠᠨ ᠳᠤ ᠴᠢᠨᠢ ᠪᠠᠭᠤᠭᠰᠠᠨ

ᠠᠵᠠ ᠲᠤᠬᠢᠶᠠᠯ ᠭᠡᠳᠡᠭ᠌ ᠶᠠᠭᠤᠮ᠎ᠠ ᠡᠴᠡ

ᠠᠯᠳᠠᠵᠤ ᠪᠢᠳᠡᠭᠡᠢ ᠵᠦᠷᠢᠵᠤ ᠭᠠᠷᠭ᠎ᠠ

ᠠᠮᠢᠵᠢᠷᠠᠯ ᠤᠨ ᠳᠡᠭ᠍ᠷᠢ ᠶᠢᠨ ᠶᠢᠡᠨ ᠴᠡᠯᠮᠡᠭ᠌ ᠠᠭᠠᠷ ᠲᠤ

ᠠᠷᠢᠭᠤᠨ ᠰᠠᠨᠠᠭ᠎ᠠ ᠰᠠᠷᠠᠭᠤᠯ ᠣᠬᠠᠭ᠎ᠠ ᠪᠠᠨ ᠮᠠᠠᠳᠠᠭᠤᠯ ᠭᠡᠵᠤ

ᠠᠮᠢᠳᠤ ᠶᠢᠨ ᠬᠤᠷᠸ᠎ᠠ ᠨᠠᠳᠠᠳᠤ

ᠠᠯᠠᠭ ᠵᠢᠷᠦᠭᠡ ᠪᠠᠯᠡᠭᠯᠡᠯ᠎ᠡ

ᠵᠤᠬᠢᠶᠠᠭᠴᠢ᠄ ᠱᠠ᠊·ᠬᠠᠳᠠᠪᠴᠢ
ᠢᠷᠡᠯᠲᠡ᠄ ᠱᠠ᠊·ᠬᠠᠳᠠᠪᠴᠢ
ᠬᠠᠷᠢᠶ᠎ᠠ᠄ ᠰᠢᠯᠦᠭ
ᠳᠠᠷᠤᠮ᠄ 3692
ᠴᠠᠭ᠄ 2008 ᠤᠨ ᠤ 10 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ