ᠨᠡᠪᠲᠡᠷᠡᠨ ᠤᠷᠤᠬᠤ
ᠮᠦᠩᠭᠦᠨ ᠪᠦᠮᠪᠦᠷᠴᠡᠭ ᠤᠨ ᠤᠪᠠᠳᠢᠰ ᠳᠡᠯᠭᠡᠴᠡ
— ᠦᠪᠣᠷ ᠮᠤᠩᠭ᠋ᠤᠯ ᠤᠨ ᠳᠸᠯᠸᠢᠰ ᠬᠤᠷᠢᠶᠠᠨ ᠤ ᠮᠤᠩᠭ᠋ᠤᠯ ᠣᠳᠤᠨ ᠳᠸᠯᠸᠢᠰ ᠤᠨ ᠭᠤᠴᠢᠨ ᠵᠢᠯ ᠤᠨ ᠣᠢ ᠶᠢᠨ ᠪᠠᠶᠠᠷ ᠲᠤ ᠵᠤᠷᠢᠭᠤᠯᠪᠠ

ᠮᠤᠩᠭ᠋ᠤᠯ ᠪᠠᠢ᠌ᠭᠠᠯᠢ ᠶᠢᠨ ᠰᠥᠷᠯᠢᠭ᠌ ᠦᠵᠡᠮᠵᠢ ᠶᠢ

ᠣᠷᠤᠩᠨᠠᠬᠤ ᠭᠦᠷᠦᠭᠡᠰᠤ ᠲᠡᠶ ᠨᠢ ᠬᠠᠮᠳᠤ ᠰᠤᠨᠢᠷᠬᠠᠭᠤᠯᠳᠠᠭ

ᠣᠷᠴᠢᠯᠠᠩ ᠤᠨ ᠲᠦᠮᠡᠨ ᠭᠡᠷᠡᠭ᠌ ᠢ

ᠣᠨ ᠰᠠᠷ᠎ᠠ ᠲᠡᠶ ᠨᠢ ᠴᠤᠭ ᠮᠡᠳᠡᠭᠡᠯᠡᠳᠡᠭ᠌

ᠣᠷᠳᠤ ᠤᠨ ᠳᠠᠭᠤᠤ ᠶᠢᠨ ᠠᠶ᠎ᠠ ᠶᠢ

ᠠᠭᠤᠯᠠ ᠶᠢᠨ ᠭᠦᠷᠦᠭᠡᠰᠤ ᠣᠶᠠᠷᠠᠮᠠᠷ ᠰᠠᠢ᠌ᠬᠠᠨ ᠰᠤᠨᠢᠷᠬᠠᠭᠤᠯᠳᠠᠭ

ᠣᠳᠤᠮ ᠣᠭᠰᠠᠭᠠᠨ ᠤ ᠳᠡᠦᠭᠡ ᠰᠤᠶᠤᠯ ᠢ

ᠠᠭᠠᠭ ᠠᠮᠳᠠ ᠲᠡᠶ ᠨᠢ ᠬᠠᠮᠳᠤ ᠣᠷᠴᠢᠯᠠᠩ ᠳᠤ ᠰᠠᠴᠤᠳᠠᠭ

ᠦᠨᠳᠦᠰᠦᠳᠠᠨ ᠤ ᠰᠤᠶᠤᠯ ᠠᠷᠠᠠᠰᠢᠨ ᠳᠠᠭᠠᠨ ᠬᠠᠢ᠌ᠷᠠᠳᠠᠢ ᠮᠢᠨᠤ

ᠢᠷᠡᠭᠡᠳᠦᠢ ᠶᠢᠨ ᠵᠦᠩᠨᠠᠯ ᠲᠡᠶ ᠠᠮᠢᠳᠤᠷᠠᠯ ᠤᠨ ᠮᠢᠨᠢ ᠬᠠᠨᠢ

ᠮᠥᠩᠭᠦᠨ ᠪᠦᠮᠪᠦᠷᠴᠡᠭ᠌ ᠤᠨ ᠣᠪᠢᠳᠠᠰ ᠳᠡᠯᠭᠡᠴᠡ

ᠦᠪᠣᠷ ᠮᠤᠩᠭ᠋ᠤᠯ ᠤᠨ ᠮᠤᠩᠭ᠋ᠤᠯ ᠣᠳᠤᠨ ᠳᠸᠯᠸᠢᠰ ᠮᠢᠨᠢ︕

ᠳᠡᠭ᠍ᠷᠢ ᠶᠢᠨ ᠭᠦᠪᠠᠭᠦᠨ ᠳᠡᠭ᠍ᠷᠯᠢᠭ᠌ ᠭᠦᠮᠦᠰ ᠢ

ᠳᠠᠶᠠᠩ ᠳᠡᠯᠡᠭᠡᠢ ᠳᠤ ᠮᠢᠯᠢᠶᠠᠨ ᠳᠠᠨᠢᠯᠴᠠᠭᠤᠯᠳᠠᠭ

ᠳᠡᠭ᠍ᠷᠢ ᠶᠢᠨ ᠪᠣᠳᠤᠭᠤ ᠪᠠᠨ ᠥᠭᠡᠢ᠌ᠯᠡᠵᠤ

ᠳᠢᠪ ᠳᠡᠯᠡᠭᠡᠢ ᠳᠤ ᠰᠠᠷᠠᠮᠵᠢ ᠶᠢᠨ ᠬᠤᠩᠬ᠎ᠠ ᠠᠨᠢᠷᠳᠠᠭᠤᠯᠳᠠᠭ

ᠳᠡᠭ᠍ᠷᠢ ᠶᠢᠨ ᠭᠢᠵᠠᠭᠠᠷ ᠭᠠᠵᠠᠷ ᠤᠨ ᠭᠢᠯᠢ ᠶᠢ ᠢᠯᠭᠠᠯ ᠦᠭᠡᠶ

ᠳᠠᠪᠴᠢᠶᠠᠷᠢᠳᠠᠢ ᠠᠶᠠᠯᠠᠳᠠᠭ ᠣᠯᠠᠨ ᠡᠷᠳᠡᠮᠳᠡᠨ ᠰᠤᠷᠪᠣᠯᠵᠢᠯᠠᠭᠴᠢ ᠲᠡᠶ

ᠳᠡᠨᠢᠭᠡᠷ ᠠᠭᠤᠳᠠᠮ ᠮᠤᠩᠭ᠋ᠤᠯ ᠨᠤᠳᠤᠭ ᠤᠨ

ᠳᠡᠦᠭᠡ ᠰᠤᠶᠤᠯ ᠢ ᠰᠢᠰᠲ᠋ᠸᠮᠴᠢᠯᠠᠨ ᠰᠤᠳᠤᠯᠳᠠᠭ

ᠳᠤᠰᠬᠠᠢ 《ᠰᠤᠶᠤᠯ ᠡᠷᠳᠡᠨᠢ》 ᠳᠡᠯᠭᠡᠴᠡ ᠲᠡᠶ

ᠳᠡᠭ᠍ᠷᠯᠢᠭ᠌ ᠦᠨᠳᠦᠰᠦᠳᠠᠨ ᠤ ᠳᠡᠦᠭᠡᠨ ᠡᠷᠭᠡᠴᠡᠭᠦᠯᠦᠯ

《ᠳᠡᠯᠭᠡᠷ ᠬᠤᠷᠸ᠎ᠠ》 ᠭᠡᠮᠡᠭ᠍ᠴᠢ ᠶᠢᠨ

《ᠳᠠᠷᠬᠠᠨ ᠥᠯᠦᠭᠡᠢ》 ᠳᠤᠰᠬᠠᠢ ᠫᠷᠦᠭ᠍ᠷᠡᠮ ᠳᠠᠢ

ᠳᠠᠮᠤᠵᠢᠨ ᠦᠶ᠎ᠡ ᠶᠢᠨ ᠳᠠᠷᠬᠠᠨ ᠰᠤᠶᠤᠯ ᠢ

ᠳᠤᠰᠬᠠᠢ ᠵᠢᠭᠦᠷ ᠲᠡᠶ ᠳᠡᠯᠭᠡᠴᠡ ᠪᠠᠷ

ᠳᠦᠭ᠌ ᠲᠦᠮᠡᠨ ᠳᠠᠭᠠᠨ ᠰᠤᠨᠢᠷᠬᠠᠭᠤᠯᠳᠠᠭ

ᠲᠦᠮᠡ ᠪᠦᠮᠡᠨ ᠥᠵᠡᠭ᠍ᠴᠢ ᠲᠡᠶ

ᠥᠵᠡᠭ᠍ᠴᠢ ᠣᠯᠠᠨ ᠤ ᠳᠤᠳᠤᠨᠤ ᠬᠠᠨᠢ ᠪᠣᠯᠤᠭᠰᠠᠨ

《ᠠᠮᠢᠳᠤᠷᠠᠯ ᠤᠨ ᠬᠠᠨᠢ》 ᠰᠤᠳᠤᠨ ᠳᠡᠯᠭᠡᠴᠡ ᠲᠡᠶ

ᠣᠶᠤᠨ ᠪᠢᠯᠢᠭ᠍ᠳᠡᠨ ᠤ ᠭᠦᠰᠡᠯ ᠬᠠᠢ᠌ᠷ᠎ᠠ ᠢ ᠳᠠᠳᠠᠭᠰᠠᠨ

《ᠭᠦᠰᠡᠯ ᠤᠨ ᠬᠠᠷᠢᠭᠤ》 ᠳᠤᠭᠢᠳᠠᠢ ᠰᠠᠢ᠌ᠬᠠᠨ ᠨᠡᠪᠳᠡᠷᠡᠭᠦᠯᠭᠡ ᠲᠡᠶ

ᠰᠢᠷᠭᠠᠭᠤ ᠳᠠᠮᠢᠷᠴᠢᠳ ᠤᠨ ᠠᠯᠳᠠᠨ ᠳᠠᠪᠴᠠᠩ

《ᠳᠠᠮᠢᠷ》 ᠭᠡᠮᠡᠭᠦ ᠪᠣᠰᠤᠭ᠎ᠠ ᠵᠤᠷᠢᠭᠳᠠᠨ ᠤ ᠳᠤᠰᠬᠠᠢ ᠳᠡᠯᠭᠡᠴᠡ ᠲᠡᠶ

ᠰᠤᠳᠤᠨ ᠮᠤᠩᠭ᠋ᠤᠯ ᠤᠨ ᠬᠠᠷᠠᠭᠠᠨ ᠤ ᠴᠢᠭ᠌

ᠰᠠᠠᠰᠠᠷ ᠳᠸᠯᠸᠢᠰ ᠬᠠᠮᠵᠢᠯᠴᠠᠭᠠᠨ ᠤ ᠠᠠᠳᠠ ᠲᠡᠶ

ᠡᠷᠡᠨ ᠵᠠᠭᠤᠨ ᠤ ᠭᠦᠭ᠍ᠵᠢᠯᠳᠡ ᠶᠢ ᠬᠤᠷᠣᠢ᠌ᠯᠠᠭᠰᠠᠨ

ᠠᠵᠢᠯ ᠣᠢ᠌ᠯᠠᠰ ᠤᠨ ᠵᠢᠩᠭᠢᠨᠢ ᠬᠠᠪᠰᠤᠷᠤᠭᠴᠢ

ᠣᠶᠤᠨ ᠪᠢᠯᠢᠭ᠌ ᠤᠨ ᠠᠯᠳᠠᠨ ᠳᠦᠯᠭᠢᠭᠦᠷ

ᠮᠥᠩᠭᠡ ᠪᠣᠰᠤᠭ᠎ᠠ ᠮᠤᠩᠭ᠋ᠤᠯ ᠴᠤᠩᠬᠤ

ᠮᠥᠩᠭᠦᠨ ᠪᠦᠮᠪᠦᠷᠴᠡᠭ᠌ ᠤᠨ ᠣᠪᠢᠳᠠᠰ ᠳᠡᠯᠭᠡᠴᠡ

ᠦᠪᠣᠷ ᠮᠤᠩᠭ᠋ᠤᠯ ᠤᠨ ᠮᠤᠩᠭ᠋ᠤᠯ ᠣᠳᠤᠨ ᠳᠸᠯᠸᠢᠰ ᠮᠢᠨᠢ︕

ᠴᠠᠭ ᠡᠷᠡᠨ ᠤ ᠣᠷᠤᠰᠬᠠᠯ ᠲᠡᠶ ᠳᠠᠭᠠᠯᠳᠤᠨ ᠴᠤᠯᠭᠤᠷᠠᠭᠰᠠᠨ

ᠴᠢᠩ ᠰᠠᠤᠠᠭᠢᠯ ᠤᠨ ᠢᠳᠡᠭᠡᠯ ᠪᠢᠯᠬᠠᠭᠰᠠᠨ

ᠴᠢᠠᠳᠠᠮᠤᠨᠢ ᠭᠤᠷᠪᠠᠨ ᠡᠷᠳᠡᠨᠢ ᠶᠢᠨ ᠭᠡᠯᠭᠢᠶ᠎ᠡ ᠲᠡᠶ

ᠴᠤᠭᠯᠠᠷᠠᠭᠰᠠᠨ ᠣᠯᠠᠨ ᠬᠠᠮᠳᠤᠳᠠ ᠵᠤᠭᠤᠭᠳᠠᠬᠤ

ᠴᠡᠩᠭᠡᠯ ᠤᠨ ᠰᠠᠢ᠌ᠬᠠᠨ ᠮᠤᠩᠭ᠋ᠤᠯ ᠥᠷᠭᠦᠭᠡ ᠲᠡᠶ

ᠭᠠᠵᠠᠷ ᠤᠨ ᠭᠡᠪᠠᠯᠢ ᠴᠤᠩᠭ᠋ᠠᠮ᠎ᠠ

ᠠᠯᠠᠱᠠ ᠡᠯᠡᠰᠤᠨ ᠴᠦᠯ ᠶᠢᠡᠨ

ᠢᠷᠠᠭᠤ ᠰᠠᠢ᠌ᠬᠠᠨ ᠡᠭᠡ ᠭᠡᠯᠡ ᠪᠠᠷ ᠶᠢᠡᠨ

ᠠᠩᠭ᠋ᠠᠯ ᠴᠠᠩᠭ᠋ᠠᠯ ᠦᠭᠡᠶ ᠣᠮᠳᠠᠯᠠᠵᠤ ᠢᠷᠡᠭ᠍ᠰᠡᠨ

ᠶ‍ᠢᠰᠤᠨ ᠴᠠᠭᠠᠨ ᠰᠦᠯᠳᠡ ᠪᠠᠨ

ᠶ‍ᠢᠷᠳᠢᠠᠴᠤ ᠶᠢᠨ ᠠᠮᠢᠳᠠᠨ ᠳᠤ ᠳᠠᠨᠢᠭᠤᠯᠵᠤ

ᠴᠠᠬᠠᠷ ᠨᠤᠳᠤᠭ ᠤᠨ ᠭᠣᠢ᠌ᠳᠠ ᠦᠵᠡᠮᠵᠢ ᠪᠠᠨ

ᠴᠠᠭ ᠤᠨ ᠥᠩᠭᠡ ᠪᠠᠷ ᠴᠢᠮᠠᠵᠤ ᠳᠤᠮᠤᠭᠠᠵᠢᠭᠰᠠᠨ

ᠮᠤᠩᠭ᠋ᠤᠯ ᠣᠳᠤᠨ ᠳᠸᠯᠸᠢᠰ ᠤᠨ

ᠮᠥᠩᠭᠡ ᠭᠡᠷᠡᠯᠳᠦᠭᠦ ᠭᠤᠴᠢᠨ ᠵᠢᠯ

ᠮᠥᠩᠭᠦᠨ ᠭᠢᠯᠪᠠᠭ᠎ᠠ ᠲᠡᠶ ᠭᠤᠴᠢᠨ ᠵᠢᠯ

ᠮᠤᠯᠤᠷ ᠡᠷᠳᠡᠨᠢ ᠶᠢᠨ ᠦᠨᠡᠳᠠᠢ ᠭᠤᠴᠢᠨ ᠵᠢᠯ

ᠮᠦᠷᠠᠨ ᠭᠤᠤᠯ ᠡᠭᠡᠰᠢᠭᠯᠡᠨ ᠳᠠᠭᠤᠯᠠᠮᠠᠷ ᠭᠤᠴᠢᠨ ᠵᠢᠯ

ᠴᠠᠭ ᠤᠨ ᠣᠷᠤᠰᠬᠠᠯ ᠤᠨ ᠳᠤᠯᠭᠢᠶ᠎ᠠ ᠲᠡᠶ

ᠰᠢᠵᠢᠷ ᠠᠯᠳᠠᠨ ᠬᠤᠷᠢᠨ ᠨᠢᠭᠡᠳᠦᠭᠡᠷ ᠵᠠᠭᠤᠨ ᠤ

ᠴᠠᠭᠯᠠᠰᠢ ᠦᠭᠡᠶ ᠵᠢᠷᠭᠠᠯ ᠲᠡᠶ ᠴᠢ ᠪᠢᠳᠠᠨᠠᠷ

ᠡᠪᠦᠭᠡ ᠳᠡᠭᠡᠳᠦᠰ ᠤᠨ ᠪᠢᠳᠠᠨ ᠳᠤ ᠣᠯᠠᠮᠵᠢᠯᠠᠵᠤ ᠥᠯᠡᠳᠡᠭᠡᠭ᠍ᠰᠡᠨ

ᠴᠠᠪᠠᠷ ᠠᠷᠢᠭᠤᠨ ᠮᠤᠩᠭ᠋ᠤᠯ ᠵᠠᠩᠰᠢᠯ ᠶᠢᠡᠨ

ᠴᠢᠩ ᠰᠠᠤᠠᠭᠢᠯ ᠤᠨ ᠣᠭ ᠡᠴᠡ ᠪᠠᠨ ᠳᠡᠭᠡᠳᠦᠯᠡᠵᠤ ᠶᠠᠪᠣᠶ᠎ᠠ︕

ᠣᠯᠠᠨ ᠵᠠᠭᠤᠨ ᠤ ᠣᠯᠠᠷᠢᠯ ᠬᠤᠪᠢᠷᠠᠯᠳᠠ ᠳᠤᠮᠳᠠ

ᠣᠰᠠᠤᠠᠴᠤ ᠪᠠᠷᠠᠭᠳᠠᠬᠤ ᠦᠭᠡᠶ ᠡᠭᠡ ᠭᠡᠯᠡ ᠪᠠᠷ ᠶᠢᠡᠨ

ᠣᠬᠠᠭᠠᠨ ᠤ ᠳᠠᠯᠠᠪᠴᠢ ᠪᠠᠨ ᠪᠣᠯᠭᠠᠭᠰᠠᠨ

ᠣᠳᠤᠭᠢᠴᠢᠯᠠᠭᠰᠠᠨ ᠰᠢᠡᠵᠢᠯᠡᠭᠦ ᠣᠬᠠᠭᠠᠨ ᠤ ᠮᠡᠷᠭᠡᠵᠢᠯ ᠶᠢᠡᠷ

ᠣᠳᠤᠨ ᠭᠠᠷᠢᠭ ᠲᠡᠶ ᠪᠣᠯᠵᠤᠭ᠎ᠠ ᠳᠠᠭᠠᠷᠠᠭᠰᠠᠨ

ᠠᠢ᠌ᠷᠠᠭ ᠨᠠᠢ᠌ᠷᠠᠭ ᠲᠡᠶ ᠪᠠᠯᠭᠡ ᠢᠷᠦᠭᠡᠯ ᠶᠢᠡᠷ

ᠢᠷᠡᠭᠡᠳᠦᠢ ᠠᠯᠤᠰ ᠶᠢᠡᠨ ᠵᠥᠩᠨᠡᠭ᠍ᠰᠡᠨ

ᠮᠤᠩᠭ᠋ᠤᠯ ᠣᠳᠤᠨ ᠳᠸᠯᠸᠢᠰ ᠤᠨ ᠭᠤᠴᠢᠨ ᠵᠢᠯ

ᠮᠥᠩᠭᠦᠨ ᠪᠦᠮᠪᠦᠷᠴᠡᠭ᠌ ᠤᠨ ᠬᠠᠯᠠᠭᠤᠨ ᠡᠯᠢᠭᠡᠨ ᠳᠤ

ᠮᠥᠩᠭᠡᠷᠡᠭᠦ ᠪᠣᠯᠳᠤᠭᠠᠢ︕

ᠮᠥᠩᠭᠡ ᠰᠤᠶᠤᠯ ᠤᠨ ᠭᠡᠰᠢᠭ᠌ ᠶᠢᠡᠷ

ᠮᠤᠩᠭ᠋ᠤᠯ ᠨᠤᠳᠤᠭ ᠤᠨ ᠪᠣᠶᠠᠨ

ᠳᠡᠯᠭᠡᠷᠡᠭᠦ ᠪᠣᠯᠳᠤᠭᠠᠢ︕


ᠵᠤᠬᠢᠶᠠᠭᠴᠢ᠄ ᠬᠦᠭᠵᠢᠯᠲᠦ
ᠢᠷᠡᠯᠲᠡ᠄ ᠬᠦᠬᠡ‍ᠨᠠᠭᠤᠷ ᠤᠨ ᠨᠠᠷᠠᠨᠴᠡᠴᠡᠭ ᠬᠠᠩᠭᠠᠪᠠ
ᠬᠠᠷᠢᠶ᠎ᠠ᠄ ᠰᠢᠯᠦᠭ
ᠳᠠᠷᠤᠮ᠄ 2774
ᠴᠠᠭ᠄ 2006 ᠤᠨ ᠤ 11 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ