ᠨᠡᠪᠲᠡᠷᠡᠨ ᠤᠷᠤᠬᠤ
ᠰᠡᠳᠭᠢᠯ ᠤᠨ ᠴᠤᠤᠷᠢᠶ᠎ᠠ
᠊᠊᠊᠊᠊᠊᠊᠊᠊᠊᠊᠊᠊᠊᠊ ᠳᠠᠩ ᠤᠨ ᠰᠢᠯᠦᠭ᠌ ᠢ ᠳᠠᠭᠤᠷᠢᠶᠠᠵᠤ ᠪᠢᠴᠢᠭ᠍ᠰᠡᠨ ᠳᠦᠷᠪᠡᠨ ᠮᠦᠷᠳᠤ ᠨᠤᠭᠦᠳ

1 ᠰᠠᠷᠠ ᠲᠡᠶ ᠰᠦᠨᠢ

ᠰᠡᠯᠡᠭᠦᠨ ᠰᠦᠨᠢ ᠶᠢᠨ ᠳᠤᠩᠭ᠋ᠠᠯᠠᠭ ᠰᠠᠷᠠᠨ ᠳᠤᠭᠤᠨᠤ ᠪᠠᠷ ᠳᠤᠨᠤᠷᠠᠨ ᠳᠤᠰᠤᠮᠤᠢ

ᠰᠠᠩᠰᠠᠨ ᠳᠠᠪᠠᠯ ᠨᠥᠮᠦᠷᠦᠭ᠍ᠰᠡᠨ ᠠᠳᠠᠯ᠎ᠠ ᠡᠪᠦᠷ ᠮᠠᠰᠢᠳᠠ ᠵᠢᠩᠳᠠᠮᠤᠢ

ᠣᠰᠤᠨ ᠤ ᠮᠡᠯᠡᠭᠡᠢ᠌ᠤᠨ ᠤᠨ ᠣᠶᠠᠩᠭ᠋ᠠᠳᠤ ᠳᠠᠭᠤᠨ ᠰᠦᠨᠢ ᠶᠢᠨ ᠠᠨᠢᠷ ᠢ ᠡᠪᠳᠡᠭ᠍ᠰᠡᠨ᠎ᠡ

ᠣᠶᠠᠭᠠᠨ ᠤ ᠴᠠᠭᠠᠨ᠎ᠠ ᠮᠤᠷᠢ ᠳᠤᠷᠭᠢᠵᠤ ᠬᠠᠵᠠᠭᠠᠷ ᠤᠨ ᠳᠠᠭᠤᠨ ᠰᠤᠨᠤᠰᠳᠠᠮᠤᠢ᠃

2 ᠮᠥᠷᠦᠭᠡᠳᠦᠯ

ᠣᠮᠠᠷᠠᠰᠢ ᠵᠡᠯᠡᠯᠡᠭᠦ ᠭᠠᠯᠠᠭᠤᠳ ᠤᠨ ᠴᠤᠪᠣᠭ᠎ᠠ ᠶᠢ ᠬᠠᠷᠠᠨ ᠬᠠᠷᠠᠨ ᠵᠤᠭᠰᠤᠬᠤᠶ᠎ᠠ

ᠡᠭᠡᠳᠡᠷᠡᠭᠡᠡᠳᠤ ᠪᠣᠳᠤᠯ ᠵᠡᠭᠦᠳᠤᠨ ᠮᠠᠳᠤ ᠵᠠᠮᠪᠠᠷᠠᠭ᠎ᠠ ᠦᠭᠡᠶ᠂ ᠰᠡᠳᠭᠢᠯ ᠶᠠᠭᠤᠳᠠᠢ ᠭᠤᠨᠢᠳᠠᠭᠤ᠃

ᠡᠷᠭᠡ ᠬᠤᠩᠭ᠋ᠤᠷ ᠦᠷ᠎ᠡ ᠨᠢ ᠠᠳᠠᠯ᠎ᠠ ᠪᠠᠨ ᠡᠷᠭᠢᠵᠤ ᠦᠯᠦ ᠴᠢᠳᠠᠮᠤᠢ ᠪᠢ

ᠢᠷᠡᠭᠦ ᠬᠠᠪᠣᠷ ᠭᠠᠯᠠᠭᠤᠳ ᠢ ᠨᠢ ᠳᠠᠭᠠᠭᠠᠤᠨ ᠨᠤᠳᠤᠭ ᠲᠤ ᠪᠠᠨ ᠭᠦᠷᠴᠤ ᠪᠠᠶᠠᠰᠤᠮᠤᠢ ᠊ᠶ᠎ᠠ᠃

3 ᠵᠢᠶᠠᠩᠨᠠᠨ

ᠨᠠᠷᠠᠳᠤ ᠣᠷᠴᠢᠯᠠᠩ ᠤᠨ ᠳᠦᠷᠪᠡᠨ ᠣᠯᠠᠷᠢᠯ ᠢ ᠨᠢᠭᠡ ᠯᠠ ᠥᠩᠭᠡ ᠪᠠᠷ ᠴᠢᠮᠡᠭᠯᠡᠨ᠎ᠡ

ᠨᠠᠩᠭᠢᠶᠠᠤᠨ ᠦᠬᠢᠨ ᠤ ᠢᠨᠠᠭ ᠤᠨ ᠳᠠᠭᠤᠤ ᠨᠢᠭᠡ ᠯᠠ ᠭᠦᠭ᠌ ᠶᠢᠡᠷ ᠣᠶᠠᠩᠭ᠋ᠠᠷᠠᠨ᠎ᠠ

ᠨᠢᠳᠤ ᠨᠡᠭᠡᠭᠡᠵᠤ ᠰᠢᠯᠦᠭ᠌ ᠤᠨ ᠵᠢᠶᠠᠩᠨᠠᠨ ᠢ ᠰᠡᠳᠭᠢᠯ ᠶᠢᠡᠨ ᠬᠠᠨᠤᠳᠠᠯ᠎ᠠ ᠦᠵᠡᠶ᠎ᠠ ᠭᠡᠭᠦᠯᠡᠷ

ᠣᠨᠢᠶᠠᠷ ᠣᠰᠤᠨ ᠨᠠᠳᠠ ᠡᠴᠡ ᠬᠠᠷᠠᠮᠨᠠᠵᠤ ᠥᠵᠡᠭᠦᠯᠭᠦ ᠦᠭᠡᠶ ᠭᠡᠮᠡᠨ ᠪᠦᠳᠡᠭᠡᠨ᠎ᠡ᠃

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2786
ᠴᠠᠭ᠄ 2009 ᠤᠨ ᠤ 08 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ