☆ ᠪ᠊·ᠮᠡᠷᠭᠡᠡᠪᠢᠯᠢᠭ᠌
ᠡᠪᠦᠭᠡ ᠶᠢᠨ ᠳᠤᠤᠯᠢ
ᠡᠷᠦᠭᠡ ᠶᠢᠨ ᠴᠡᠷᠢᠭ᠌ ᠤᠨ ᠬᠤᠰᠢᠭᠤᠴᠢ
ᠥᠵᠡᠭ᠍ᠰᠡᠨ ᠶᠢᠡᠨ ᠣᠨᠤᠭᠠᠳᠠᠭ ᠫᠣᠤᠴᠢᠨ
ᠶᠠᠫᠣᠨ ᠴᠡᠷᠢᠭ᠌ ᠢ ᠡᠰᠡᠷᠭᠦᠴᠡᠭ᠍ᠴᠢ
ᠶᠠᠪᠠᠭᠠᠨ ᠴᠡᠷᠢᠭ᠌ ᠤᠨ ᠭᠠᠪᠰᠢᠭᠠᠢ
ᠳᠠᠢ᠌ᠨ ᠤ ᠮᠠᠨᠠᠨ ᠳᠤᠮᠳᠠᠭᠤᠷ
ᠳᠠᠢ᠌ᠰᠤᠨ ᠤ ᠪᠠᠷ᠎ᠠ ᠪᠠᠷ ᠳᠤᠳᠠᠭᠠᠭᠠ ᠦᠭᠡᠶ
ᠣᠯᠠᠨ ᠤ ᠬᠣᠢ᠌ᠨ᠎ᠠ ᠳᠠᠭᠠᠵᠤ
ᠣᠯᠵᠠ ᠳᠡᠭᠦᠵᠤ ᠶᠠᠪᠣᠭ᠎ᠠ ᠴᠤ ᠦᠭᠡᠶ
ᠡᠭᠦᠷᠦᠭ᠍ᠰᠡᠨ ᠫᠣᠤ ᠪᠠᠨ ᠬᠠᠶᠠᠭ᠎ᠠ ᠦᠭᠡᠶ
ᠡᠭᠦᠷᠳᠦᠭ᠍ᠰᠡᠨ ᠪᠠᠶ᠎ᠠ ᠪᠠᠨ ᠬᠠᠢ᠌ᠷᠠᠯᠠᠭᠠ ᠦᠭᠡᠶ
ᠳᠤᠭ᠎ᠠ ᠲᠡᠶ ᠨᠠᠰᠤ ᠪᠠᠨ ᠭᠢᠰᠭᠢᠵᠤ
ᠳᠤᠶᠠᠭᠠᠷᠠᠯ ᠢ ᠠᠪᠴᠢᠷᠠᠵᠤ ᠦᠭᠭᠦᠭ᠍ᠰᠡᠨ
ᠴᠢᠯᠦᠭᠡᠯᠡᠯᠳᠡ ᠶᠢᠨ ᠴᠠᠭ ᠢ ᠪᠠᠷᠠᠯᠠᠭᠰᠠᠨ
ᠴᠡᠷᠢᠭ᠌ ᠡᠷ᠎ᠡ ᠶᠢᠨ ᠵᠢᠪᠬᠤᠭ᠎ᠠ
ᠮᠤᠩᠭ᠋ᠤᠯ ᠨᠤᠳᠤᠭ ᠤᠨ ᠭᠡᠢ᠌ᠮᠦᠷᠢ ᠶᠢ
ᠡᠭᠦᠷᠴᠤ ᠶᠠᠪᠣᠭᠰᠠᠨ ᠡᠷ᠎ᠡ
ᠮᠤᠩᠭ᠋ᠤᠯ ᠨᠤᠳᠤᠭ ᠤᠨ ᠭᠠᠷᠮᠠᠭᠠᠢ ᠴᠡᠷᠢᠭ᠌
ᠮᠥᠩᠭᠡ ᠣᠷᠤᠨ ᠤ ᠰᠢᠯᠭᠠᠷᠠᠭᠰᠠᠨ ᠪᠠᠭᠠᠳᠤᠷ
ᠮᠤᠬᠤᠰᠢ ᠦᠭᠡᠶ ᠵᠤᠷᠢᠭ ᠨᠢᠭᠡᠨ ᠰᠤᠮᠤ
ᠮᠥᠩᠭᠡᠷᠡᠰᠢ ᠦᠭᠡᠶ ᠪᠠᠶ᠎ᠠ ᠨᠢᠭᠡᠨ ᠰᠦᠯᠳᠡ᠃
ᠡᠪᠦᠭᠡ ᠶᠢᠨ ᠮᠢᠨᠢ ᠨᠢᠭᠡ ᠨᠠᠰᠤ
ᠡᠴᠦᠰ ᠤᠨ ᠮᠦᠴᠡ ᠨᠢ ᠳᠤᠷᠭᠤᠨ ᠴᠤ
ᠡᠭᠦᠷᠴᠤ ᠶᠠᠪᠣᠭᠰᠠᠨ ᠭᠠᠪᠢᠶ᠎ᠠ ᠨᠢ
ᠡᠭᠦᠷᠢᠳᠡ ᠪᠠᠯᠠᠷᠠᠰᠢ ᠦᠭᠡᠶ ᠮᠥᠩᠭᠡ᠃
ᠵᠤᠬᠢᠶᠠᠭᠴᠢ ᠶᠢᠨ ᠬᠠᠶᠢᠭ ᠄ ᠠᠷᠤ ᠬᠤᠷᠴᠢᠨ ᠬᠤᠰᠢᠭᠤᠨ ᠤ ᠪᠠᠶᠠᠠᠪᠣᠯᠠᠭ ᠶᠡᠷᠦᠩᠭᠡᠢ ᠰᠤᠷᠭᠠᠭᠤᠯᠢ
ᠵᠤᠬᠢᠶᠠᠭᠴᠢ᠄ ᠪ᠊·ᠮᠡᠷᠭᠡᠡᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2011 ᠤᠨ ᠤ 09 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ