ᠨᠡᠪᠲᠡᠷᠡᠨ ᠤᠷᠤᠬᠤ
ᠣᠩᠨᠢᠭᠤᠳ ᠬᠤᠰᠢᠭᠤᠨ ᠣᠪᠣᠭ᠎ᠠ ᠶᠢᠨ ᠳᠠᠭᠢᠯᠭ᠎ᠠ ᠶᠢᠨ ᠢᠷᠦᠭᠡᠯ

ᠵᠧ᠂

ᠣᠸᠮ ᠰᠠᠢ᠌ᠨ ᠠᠮᠤᠭᠤᠯᠠᠩ ᠪᠣᠯᠳᠤᠭᠠᠢ︕

ᠣᠯᠠᠮ ᠰᠠᠢ᠌ᠨ ᠵᠢᠷᠭᠠᠯᠠᠩ ᠪᠣᠯᠳᠤᠭᠠᠢ︕

ᠵᠳ ᠤ ᠰᠠᠢ᠌ᠬᠠᠨ ᠣᠯᠠᠷᠢᠯ ᠳ᠋ᠤ

ᠵᠠᠭᠤᠨ ᠴᠡᠴᠡᠭ᠌ ᠳᠡᠯᠭᠡᠷᠡᠪᠡ᠃

ᠵᠤᠯ ᠵᠢᠷᠭᠠᠯᠳᠤ ᠣᠩᠨᠢᠭᠤᠳ ᠳᠤ

ᠣᠪᠣᠭᠠᠨ ᠳᠠᠭᠢᠯᠭ᠎ᠠ ᠡᠭᠢᠯᠡᠪᠡ᠃

ᠠᠯᠠᠭᠠᠨ ᠳᠡᠭᠡᠷ᠎ᠡ ᠨᠢ ᠬᠠᠰ ᠯᠤᠤ ᠳᠤᠭᠯᠠᠵᠤ

ᠡᠩᠭᠡᠷ ᠳᠡᠭᠡᠷ᠎ᠡ ᠨᠢ ᠠᠯᠳᠠᠨ ᠭᠠᠷᠤᠳᠢ ᠳᠠᠪᠳᠠᠷᠢᠵᠤ

ᠬᠠᠳᠠᠨ ᠳᠡᠭᠡᠷ᠎ᠡ ᠨᠢ ᠨᠠᠷᠠᠨ ᠰᠠᠭᠢᠭᠤᠯᠰᠤ ᠳᠤᠳᠤᠷᠠᠵᠤ

ᠴᠢᠯᠠᠭᠤᠨ ᠳᠡᠭᠡᠷ᠎ᠡ ᠨᠢ ᠮᠠᠨᠢ ᠶᠢᠨ ᠥᠰᠦᠭ᠌ ᠢᠯᠠᠷᠠᠵᠤ

ᠪᠠᠯᠡᠭ᠍ᠳᠤ ᠡᠭᠦᠯᠡ ᠳᠤᠷᠤᠨ᠎ᠠ ᠡᠴᠡ ᠮᠠᠠᠳᠤᠵᠤ

ᠪᠠᠶᠠᠷ ᠤᠨ ᠠᠮᠢᠰᠬᠤᠯ ᠮᠠᠷ ᠮᠠᠷ ᠥᠯᠢᠶᠡᠭ᠍ᠰᠡᠨ

ᠲᠦᠮᠡᠨ ᠣᠨ ᠤ ᠳᠡᠦᠭᠡ ᠳᠠᠢ

ᠮᠢᠩᠭ᠋ᠠᠨ ᠵᠢᠯ ᠤᠨ ᠠᠯᠳᠠᠷᠳᠠᠢ

ᠮᠠᠠᠳᠤᠭᠰᠠᠨ ᠣᠩᠨᠢᠭᠤᠳ ᠨᠤᠳᠤᠭ ᠤᠨ

ᠨᠠᠪᠳᠠᠭ ᠰᠠᠪᠳᠠᠭ ᠥᠷᠦᠰᠢᠶᠡᠳᠦᠭᠡᠢ︕

ᠪᠣᠷᠤᠬᠤᠳᠠ ᠡᠴᠡ ᠵᠡᠭᠦᠡᠳᠡᠢ

ᠬᠠᠢ᠌ᠯᠠᠰᠤ ᠪᠠᠯᠭᠠᠰᠤ ᠡᠴᠡ ᠪᠠᠷᠠᠭᠤᠠᠳᠠᠢ

ᠰᠢᠷᠠᠳᠠᠯ᠎ᠠ ᠶᠢᠨ ᠳᠤᠮᠳᠠ

ᠵᠠᠷᠠᠭ᠎ᠠ ᠶᠢᠨ ᠣᠪᠣᠭ᠎ᠠ ᠶᠢᠨ ᠠᠷᠤ ᠳ᠋ᠤ

ᠬᠤᠰᠢᠭᠤᠨ ᠣᠪᠣᠭ᠎ᠠ ᠴᠢᠮᠢ᠋ᠢ ᠪᠠᠨ

ᠪᠠᠶᠠᠨ ᠦᠨᠳᠦᠷ ᠡᠴᠡ ᠪᠠᠶᠠᠨ ᠳᠠᠯ᠎ᠠ ᠳᠤ ᠠᠪᠴᠢᠷᠠᠵᠤ

ᠪᠠᠷᠳᠠᠮ ᠰᠥᠷᠯᠢᠭ᠌ ᠪᠣᠰᠬᠠᠵᠤ

ᠪᠠᠬᠠᠷᠤᠳᠠᠯ᠎ᠠ ᠰᠠᠢ᠌ᠬᠠᠨ ᠳᠠᠭᠢᠵᠤ ᠪᠠᠢ᠌ᠨᠠᠮ︕

ᠣᠪᠣᠭᠠᠨ ᠡᠵᠡᠨ ᠮᠢᠨᠢ ᠣᠷᠤᠨ ᠳᠠᠭᠠᠨ ᠰᠠᠭᠤᠮᠤ︕

ᠣᠯᠠᠨ ᠥᠭᠯᠢᠭᠡ ᠶᠢᠨ ᠡᠵᠡᠳ ᠴᠢᠨᠢ ᠳᠠᠨ ᠢ ᠪᠠᠨ ᠳᠠᠭᠢᠨᠠᠮ᠃

ᠢᠳᠡᠭᠡᠨ ᠤ ᠳᠡᠭᠡᠵᠢ ᠰᠠᠷᠬᠤᠤᠨ ᠵᠢᠠᠨ

ᠡᠵᠡᠨ ᠳᠡᠭ᠍ᠷᠢ ᠯᠤᠤᠰ ᠤᠨ ᠬᠠᠭᠠᠨ ᠳᠠᠭᠠᠨ ᠡᠷᠭᠦᠨᠡᠮ᠂

ᠬᠤᠰᠢᠭᠤᠨ ᠣᠪᠣᠭᠠᠨ ᠨᠠᠪᠳᠠᠭ ᠲᠤ ᠪᠠᠨ ᠡᠷᠭᠦᠨᠡᠮ᠂

ᠬᠤᠯᠠ ᠣᠢ᠌ᠷ᠎ᠠ ᠶᠢᠨ ᠨᠠᠪᠳᠠᠭ ᠰᠠᠪᠳᠠᠭ ᠢ ᠵᠠᠯᠠᠨᠠᠮ᠃

ᠪᠠᠶᠠᠠᠬᠠᠨ ᠠᠭᠤᠯᠠ ᠶᠢᠨ ᠨᠠᠪᠳᠠᠭ ᠲᠤ ᠡᠷᠭᠦᠨᠡᠮ᠂

ᠹᠧᠩ ᠱᠦᠢ ᠱᠠᠨ ᠠᠭᠤᠯᠠ ᠶᠢᠨ ᠨᠠᠪᠳᠠᠭ ᠲᠤ ᠡᠷᠭᠦᠨᠡᠮ᠂

ᠰᠠᠷᠠᠳᠠᠢ ᠠᠭᠤᠯᠠ ᠶᠢᠨ ᠨᠠᠪᠳᠠᠭ ᠲᠤ ᠡᠷᠭᠦᠨᠡᠮ᠂

ᠱᠤᠷᠤᠩ ᠤᠨ ᠠᠭᠤᠯᠠ ᠶᠢᠨ ᠨᠠᠪᠳᠠᠭ ᠲᠤ ᠡᠷᠭᠦᠨᠡᠮ᠂

ᠴᠠᠭᠠᠨ ᠪᠦᠷᠢᠶ᠎ᠡ ᠠᠭᠤᠯᠠ ᠶᠢᠨ ᠨᠠᠪᠳᠠᠭ ᠲᠤ ᠡᠷᠭᠦᠨᠡᠮ᠂

ᠴᠤᠭ ᠦᠨᠳᠦᠷ ᠠᠭᠤᠯᠠ ᠶᠢᠨ ᠨᠠᠪᠳᠠᠭ ᠲᠤ ᠡᠷᠭᠦᠨᠡᠮ᠂

ᠠᠴᠢᠳᠤ ᠠᠭᠤᠯᠠ ᠶᠢᠨ ᠨᠠᠪᠳᠠᠭ ᠲᠤ ᠡᠷᠭᠦᠨᠡᠮ᠂

ᠠᠯᠳᠠᠨ ᠭᠠᠳᠠᠰᠤ ᠠᠭᠤᠯᠠ ᠶᠢᠨ ᠨᠠᠪᠳᠠᠭ ᠲᠤ ᠡᠷᠭᠦᠨᠡᠮ᠂

ᠡᠷᠳᠡᠨᠢ ᠠᠭᠤᠯᠠ ᠶᠢᠨ ᠨᠠᠪᠳᠠᠭ ᠲᠤ ᠡᠷᠭᠦᠨᠡᠮ᠂

ᠡᠩᠭᠡᠯᠡᠢ ᠠᠭᠤᠯᠠ ᠶᠢᠨ ᠨᠠᠪᠳᠠᠭ ᠲᠤ ᠡᠷᠭᠦᠨᠡᠮ᠂

ᠨᠠᠷᠠᠰᠤᠨ ᠠᠭᠤᠯᠠ ᠶᠢᠨ ᠨᠠᠪᠳᠠᠭ ᠲᠤ ᠡᠷᠭᠦᠨᠡᠮ᠂

ᠨᠠᠷᠢᠨ ᠪᠠᠷᠭᠡ ᠶᠢᠨ ᠨᠠᠪᠳᠠᠭ ᠲᠤ ᠡᠷᠭᠦᠨᠡᠮ᠂

ᠬᠠᠨ ᠠᠭᠤᠯᠠ ᠶᠢᠨ ᠨᠠᠪᠳᠠᠭ ᠲᠤ ᠡᠷᠭᠦᠨᠡᠮ᠂

ᠬᠠᠷ᠎ᠠ ᠶᠢᠨ ᠠᠭᠤᠯᠠ ᠶᠢᠨ ᠨᠠᠪᠳᠠᠭ ᠲᠤ ᠡᠷᠭᠦᠨᠡᠮ᠂

ᠬᠠᠢ᠌ᠯᠠᠰᠤ ᠶᠢᠨ ᠠᠭᠤᠯᠠ ᠶᠢᠨ ᠨᠠᠪᠳᠠᠭ ᠲᠤ ᠡᠷᠭᠦᠨᠡᠮ᠂

ᠬᠠᠯᠵᠠᠨ ᠠᠭᠤᠯᠠ ᠶᠢᠨ ᠨᠠᠪᠳᠠᠭ ᠲᠤ ᠡᠷᠭᠦᠨᠡᠮ᠂

ᠶᠤᠯᠤ ᠶᠢᠨ ᠠᠭᠤᠯᠠ ᠶᠢᠨ ᠨᠠᠪᠳᠠᠭ ᠲᠤ ᠡᠷᠭᠦᠨᠡᠮ᠂

ᠵᠤᠯ ᠤᠨ ᠠᠭᠤᠯᠠ ᠶᠢᠨ ᠨᠠᠪᠳᠠᠭ ᠲᠤ ᠡᠷᠭᠦᠨᠡᠮ᠂

ᠦᠵᠦᠮ ᠤᠨ ᠠᠭᠤᠯᠠ ᠶᠢᠨ ᠨᠠᠪᠳᠠᠭ ᠲᠤ ᠡᠷᠭᠦᠨᠡᠮ᠂

ᠰᠢᠳᠢ ᠶᠢᠨ ᠠᠭᠤᠯᠠ ᠶᠢᠨ ᠨᠠᠪᠳᠠᠭ ᠲᠤ ᠡᠷᠭᠦᠨᠡᠮ᠂

ᠵᠠᠷᠠᠭ᠎ᠠ ᠶᠢᠨ ᠠᠭᠤᠯᠠ ᠶᠢᠨ ᠨᠠᠪᠳᠠᠭ ᠲᠤ ᠡᠷᠭᠦᠨᠡᠮ᠂

ᠭᠦᠷᠭᠢᠷ᠎ᠡ ᠶᠢᠨ ᠠᠭᠤᠯᠠ ᠶᠢᠨ ᠨᠠᠪᠳᠠᠭ ᠲᠤ ᠡᠷᠭᠦᠨᠡᠮ᠂

ᠮᠤᠭᠠᠢ᠌ᠳᠤ ᠬᠤᠷᠭᠤᠳᠤ ᠶᠢᠨ ᠨᠠᠪᠳᠠᠭ ᠲᠤ ᠡᠷᠭᠦᠨᠡᠮ᠂

ᠮᠤᠷᠤᠩᠳᠤ ᠥᠨᠡᠭᠡᠳᠤ ᠶᠢᠨ ᠨᠠᠪᠳᠠᠭ ᠲᠤ ᠡᠷᠭᠦᠨᠡᠮ᠂

ᠰᠢᠷᠠᠮᠦ᠋ᠷᠡᠨ ᠭᠤᠤᠯ ᠤᠨ ᠨᠠᠪᠳᠠᠭ ᠲᠤ ᠡᠷᠭᠦᠨᠡᠮ᠂

ᠯᠤᠤᠬ᠎ᠠ ᠶᠢᠨ ᠭᠤᠤᠯ ᠤᠨ ᠨᠠᠪᠳᠠᠭ ᠲᠤ ᠡᠷᠭᠦᠨᠡᠮ᠂

ᠴᠦᠠᠳᠤᠪ ᠤᠨ ᠭᠤᠤᠯ ᠤᠨ ᠨᠠᠪᠳᠠᠭ ᠲᠤ ᠡᠷᠭᠦᠨᠡᠮ᠂

ᠢᠠᠵᠠᠭ᠎ᠠ ᠶᠢᠨ ᠭᠤᠤᠯ ᠤᠨ ᠨᠠᠪᠳᠠᠭ ᠲᠤ ᠡᠷᠭᠦᠨᠡᠮ᠂

ᠴᠡᠭᠡᠨ ᠨᠠᠭᠤᠷ ᠤᠨ ᠨᠠᠪᠳᠠᠭ ᠲᠤ ᠡᠷᠭᠦᠨᠡᠮ᠂

ᠪᠦᠷᠢᠳᠤᠨ ᠨᠠᠭᠤᠷ ᠤᠨ ᠨᠠᠪᠳᠠᠭ ᠲᠤ ᠡᠷᠭᠦᠨᠡᠮ᠂

ᠷᠠᠰᠢᠶᠠᠨ ᠪᠣᠯᠠᠭ ᠤᠨ ᠨᠠᠪᠳᠠᠭ ᠲᠤ ᠡᠷᠭᠦᠨᠡᠮ᠂

ᠨᠤᠭᠤᠭᠠᠨ ᠪᠣᠯᠠᠭ ᠤᠨ ᠨᠠᠪᠳᠠᠭ ᠲᠤ ᠡᠷᠭᠦᠨᠡᠮ᠂

ᠯᠢᠩᠬᠤᠸᠠᠳᠤ ᠨᠠᠭᠤᠷ ᠤᠨ ᠨᠠᠪᠳᠠᠭ ᠲᠤ ᠡᠷᠭᠦᠨᠡᠮ᠂

ᠬᠠᠯᠢᠭᠤᠳᠤ ᠳᠠᠯ᠎ᠠ ᠶᠢᠨ ᠨᠠᠪᠳᠠᠭ ᠲᠤ ᠡᠷᠭᠦᠨᠡᠮ᠂

ᠣᠩᠨᠢᠭᠤᠳ ᠮᠠᠩᠬ᠎ᠠ ᠶᠢᠨ ᠨᠠᠪᠳᠠᠭ ᠲᠤ ᠡᠷᠭᠦᠨᠡᠮ᠂

ᠣᠳᠠ ᠬᠠᠢ᠌ᠯᠠᠰᠤ ᠮᠤᠳᠤ ᠪᠦᠭᠦᠨ ᠤ ᠨᠠᠪᠳᠠᠭ ᠲᠤ ᠡᠷᠭᠦᠨᠡᠮ᠂᠂

ᠣᠮ ᠮᠠ ᠬᠤᠩ᠂ ᠣᠮ ᠮᠠ ᠬᠤᠩ︕

ᠣᠮ ᠮᠠ ᠬᠤᠩ᠂ ᠣᠮ ᠮᠠ ᠬᠤᠩ︕

ᠠᠷᠴᠠ ᠶᠢᠨ ᠣᠳᠤᠭ᠎ᠠ ᠪᠠᠷ ᠰᠠᠩ ᠳᠠᠯᠪᠢᠵᠤ ᠪᠠᠢ᠌ᠨ᠎ᠠ᠂

ᠠᠷᠢᠭᠤᠨ ᠰᠠᠷᠬᠤᠤᠨ ᠶᠢᠡᠷ ᠰᠠᠴᠤᠯᠢ ᠡᠷᠭᠦᠵᠤ ᠪᠠᠢ᠌ᠨ᠎ᠠ᠂

ᠠᠯᠢ ᠠᠮᠳᠠᠳᠠᠨ ᠢᠳᠡᠭᠡᠨ ᠶᠢᠡᠷ ᠡᠷᠭᠦᠯᠳᠡ ᠡᠷᠭᠦᠵᠤ ᠪᠠᠢ᠌ᠨ᠎ᠠ᠂

ᠠᠶᠤᠰᠢ ᠬᠠᠳᠠᠭ ᠶᠢᠡᠨ ᠳᠡᠯᠭᠡᠨ ᠣᠭᠳᠤᠵᠤ ᠪᠠᠢ᠌ᠨ᠎ᠠ᠃

ᠳᠠᠶᠠᠭᠠᠷ ᠣᠯᠠᠨ ᠶᠢᠡᠷ ᠶᠢᠡᠨ ᠡ᠊ᠨᠳᠡ ᠴᠤᠭᠯᠠᠷᠠᠭᠠᠤᠨ

ᠳᠠᠷᠬᠠᠨ ᠨᠤᠳᠤᠭ ᠤᠨ ᠶᠢᠡᠨ ᠡᠵᠡᠳ ᠰᠠᠭᠢᠭᠤᠯᠰᠤ ᠶᠢ ᠳᠠᠭᠢᠨᠠᠮ︕

ᠠᠪᠣᠷᠠᠭᠴᠢ ᠰᠠᠭᠢᠭᠤᠯᠰᠤ ᠨᠠᠪᠳᠠᠭ ᠰᠠᠪᠳᠠᠭ ᠪᠦᠭᠦᠳᠡᠭᠡᠷ ᠵᠢᠠᠨ

ᠠᠮᠢ ᠵᠠᠶᠠᠭᠠᠨ ᠤ ᠢᠪᠠᠭᠡᠭ᠍ᠴᠢ ᠳᠡᠭ᠍ᠷᠢ ᠪᠦᠭᠦᠳᠡᠭᠡᠷ ᠵᠢᠠᠨ

ᠣᠪᠣᠭ᠎ᠠ ᠶᠢᠨ ᠴᠢᠠᠳᠠᠮᠤᠨᠢ ᠰᠠᠭᠢᠭᠤᠯᠰᠤ ᠪᠦᠭᠦᠳᠡᠭᠡᠷ ᠵᠢᠠᠨ

ᠣᠷᠤᠨ ᠣᠷᠤᠨ ᠳᠠᠭᠠᠨ ᠣᠷᠤᠰᠢᠬᠤ ᠪᠣᠯᠪᠠᠤ︕

ᠳᠡᠭ᠍ᠷᠢ ᠯᠤᠤᠰ ᠤᠨ ᠬᠠᠮᠤᠭ ᠨᠠᠪᠳᠠᠭ ᠤᠳ

ᠳᠡᠭᠦᠰ ᠰᠠᠩ ᠤᠨ ᠡᠵᠡᠳ ᠡ᠊ᠨᠳᠡ ᠪᠠᠨ ᠰᠠᠭᠠᠳᠠ︕

ᠳᠦᠷᠪᠡᠨ ᠵᠥᠭ᠌ ᠨᠢ᠋ᠮᠠᠨ ᠵᠤᠪᠭᠢᠰ ᠤᠨ ᠠᠭᠤᠯᠠ ᠣᠰᠤᠨ ᠤ

ᠲᠡᠳᠬᠦᠨ ᠬᠠᠮᠠᠭᠠᠯᠠᠭᠴᠢ ᠨᠠᠪᠳᠠᠭ ᠰᠠᠪᠳᠠᠭ ᠤᠳ ᠵᠠᠯᠠᠷᠠᠨ ᠢᠷᠡᠳᠦᠭᠡᠢ︕

ᠠᠢ᠌ᠯ ᠵᠡᠷᠭᠡᠯᠳᠡᠭᠡ ᠬᠤᠰᠢᠭᠤᠨ ᠤ ᠨᠠᠪᠳᠠᠭ ᠰᠠᠪᠳᠠᠭ ᠤᠳ

ᠠᠢ᠌ᠯᠠᠴᠢᠯᠠᠵᠤ ᠡ᠊ᠨᠳᠡ ᠮᠤᠷᠢᠯᠠᠨ ᠪᠠᠭᠤᠳᠤᠭᠠᠢ︕

ᠣᠪᠣᠭ᠎ᠠ ᠣᠩᠭ᠋ᠤᠳ ᠤᠨ ᠡᠵᠡᠳ ᠰᠠᠭᠢᠭᠤᠯᠰᠤ ᠳ᠋ᠠᠭᠠᠨ

ᠠᠷᠢᠭᠢ ᠳᠠᠷᠠᠰᠤ ᠠᠢ᠌ᠷᠠᠭ ᠰᠦ᠋ ᠪᠠᠷ ᠰᠠᠴᠤᠯᠢ ᠡᠷᠭᠦᠵᠤ ᠪᠠᠢ᠌ᠨ᠎ᠠ︕

ᠣᠮ ᠮᠠ ᠬᠤᠩ᠂ ᠣᠮ ᠮᠠ ᠬᠤᠩ︕

ᠣᠮ ᠮᠠ ᠬᠤᠩ᠂ ᠣᠮ ᠮᠠ ᠬᠤᠩ︕

ᠣᠷᠤᠨ ᠨᠤᠳᠤᠭ ᠤᠨ ᠨᠠᠪᠳᠠᠭ ᠰᠠᠪᠳᠠᠭ ᠪᠠᠶᠠᠰᠳᠤᠭᠠᠢ︕

ᠣᠯᠠᠨ ᠵᠤᠴᠢᠨ ᠨᠠᠪᠳᠠᠭ ᠰᠠᠪᠳᠠᠭ ᠪᠢᠰᠢᠷᠡᠳᠦᠭᠡᠢ︕

ᠴᠠᠭᠠᠨ ᠪᠦᠷᠢᠶ᠎ᠡ ᠠᠭᠤᠯᠠ ᠶᠢᠨ ᠪᠣᠬ᠎ᠠ ᠣᠷᠭᠢᠷᠠᠵᠤ᠂

ᠪᠠᠶᠠᠠᠬᠠᠨ ᠠᠭᠤᠯᠠ ᠶᠢᠨ ᠰᠠᠭᠢᠭᠤᠯᠰᠤ ᠥᠷᠦᠰᠢᠶᠡᠳᠦᠭᠡᠢ︕

ᠭᠠᠷᠤᠳᠢ ᠠᠭᠤᠯᠠᠨ ᠤ ᠠᠯᠳᠠᠨ ᠭᠠᠷᠤᠳᠢ ᠳᠠᠪᠳᠠᠷᠢᠵᠤ᠂

ᠡᠷᠳᠡᠨᠢ ᠠᠭᠤᠯᠠ ᠶᠢᠨ ᠠᠯᠳᠠᠨ ᠣᠨᠠᠭ᠎ᠠ ᠢᠠᠴᠠᠭᠠᠳᠤᠭᠠᠢ︕

ᠠᠴᠢᠳᠤ ᠠᠭᠤᠯᠠ ᠶᠢᠨ ᠠᠯᠳᠠᠨ ᠳᠠᠭᠢᠶ᠎ᠠ ᠳᠤᠤᠭᠠᠷᠴᠤ᠂

ᠴᠡᠭᠡᠨ ᠨᠠᠭᠤᠷ ᠤᠨ ᠭᠦᠮᠪᠠᠷ᠎ᠡ ᠮᠠᠳᠠᠷ ᠳᠡᠭ᠍ᠳᠡᠳᠦᠭᠡᠢ︕

ᠠᠷᠴᠠᠨ ᠪᠠᠷᠭᠡ ᠶᠢᠨ ᠬᠠᠷ᠎ᠠ ᠠᠵᠢᠷᠭ᠎ᠠ ᠥᠤᠷᠰᠠᠵᠤ᠂

ᠬᠠᠯᠵᠠᠨ ᠠᠭᠤᠯᠠ ᠶᠢᠨ ᠰᠠᠭᠢᠭᠤᠯᠰᠤᠨ ᠪᠣᠭᠤ ᠳᠤᠭᠯᠠᠳᠤᠭᠠᠢ︕

ᠬᠤᠷᠠᠬᠤ ᠶᠢᠨ ᠠᠭᠤᠯᠠ ᠶᠢᠨ ᠰᠢᠳᠦᠭᠡᠨ ᠳᠤᠰᠠᠯᠠᠵᠤ᠂

ᠭᠡᠰᠡᠷ ᠪᠣᠭᠳᠠ ᠶᠢᠨ ᠭᠦᠴᠤᠨ ᠳᠡᠮᠵᠢᠭᠦ ᠪᠣᠯᠳᠤᠭᠠᠢ︕

ᠬᠠᠨ ᠠᠭᠤᠯᠠ ᠶᠢᠨ ᠳᠠᠢ᠌ᠴᠢᠨ ᠳᠡᠭ᠍ᠷᠢ ᠦᠷᠦᠰᠢᠶᠠᠵᠤ᠂

ᠶᠤᠯᠤ ᠶᠢᠨ ᠠᠭᠤᠯᠠ ᠶᠢᠨ ᠨᠠᠪᠳᠠᠭ ᠳᠤᠰᠠᠯᠠᠬᠤ ᠪᠣᠯᠳᠤᠭᠠᠢ︕

ᠨᠠᠮ ᠤᠨ ᠲᠦᠷᠦ ᠶᠢᠨ ᠪᠣᠳᠤᠯᠭ᠎ᠠ ᠢᠪᠠᠭᠡᠵᠤ᠂

ᠨᠠᠷᠮᠠᠢ ᠣᠯᠠᠨ ᠵᠢᠷᠭᠠᠬᠤ ᠪᠣᠯᠳᠤᠭᠠᠢ︕

ᠣᠯᠤᠰ ᠭᠦᠷᠤᠨ ᠡᠩᠭᠡ ᠳᠠᠢ᠌ᠪᠣᠩ᠂

ᠣᠯᠠᠨ ᠦᠨᠳᠦᠰᠦᠳᠠᠨ ᠡᠶ᠎ᠡ ᠪᠦᠯᠭᠦᠮᠳᠡᠯ ᠲᠡᠶ ᠪᠣᠯᠳᠤᠭᠠᠢ︕

ᠣᠮ ᠮᠠ ᠬᠤᠩ᠂ ᠣᠮ ᠮᠠ ᠬᠤᠩ︕

ᠣᠮ ᠮᠠ ᠬᠤᠩ᠂ ᠣᠮ ᠮᠠ ᠬᠤᠩ︕

ᠣᠯᠠᠨ ᠭᠦᠳᠡᠯᠦᠯᠴᠡᠵᠤ ᠣᠪᠣᠭ᠎ᠠ ᠳᠠᠭᠢᠭᠰᠠᠨ ᠵᠢᠠᠷ

ᠣᠯᠠᠭᠠᠨ ᠭᠠᠩ ᠡᠴᠦᠰᠯᠡᠵᠤ᠂

ᠣᠰᠤᠨ ᠭᠠᠮᠰᠢᠭ ᠵᠠᠢ᠌ᠯᠵᠤ᠂

ᠴᠠᠭ ᠤᠨ ᠬᠤᠷ᠎ᠠ ᠪᠠᠭᠤᠵᠤ᠂

ᠴᠠᠭᠠᠨ ᠮᠦᠨᠳᠤᠷ ᠠᠷᠢᠯᠵᠤ᠂

ᠴᠠᠰᠤ ᠵᠤᠳ ᠪᠠᠭᠠᠰᠴᠤ᠂

ᠰᠠᠯᠭᠢᠨ ᠭᠠᠮᠰᠢᠭ ᠦᠭᠡᠶ ᠪᠣᠯᠵᠤ᠂

ᠭᠢᠷᠠᠭᠤ ᠶᠢᠨ ᠭᠠᠮᠰᠢᠭ ᠡᠴᠡ ᠭᠡᠯᠳᠦᠷᠢᠵᠤ᠂

ᠬᠤᠷᠤᠬᠠᠢ ᠶᠢᠨ ᠭᠠᠮᠰᠢᠭ ᠣᠰᠠᠳᠴᠤ᠂

ᠬᠤᠤᠷᠯᠠᠭᠴᠢ ᠳᠠᠢ᠌ᠰᠤᠨ ᠰᠦᠨᠤᠵᠤ᠂

ᠥᠷᠭᠡᠨ ᠣᠯᠠᠨ ᠥᠭᠯᠢᠭ᠍ᠴᠢᠳ ᠳᠤ

ᠦᠨᠡᠨ ᠵᠢᠷᠭᠠᠯ ᠢᠷᠡᠭᠦ ᠪᠣᠯᠳᠤᠭᠠᠢ︕

ᠣᠮ ᠮᠠ ᠬᠤᠩ᠂ ᠣᠮ ᠮᠠ ᠬᠤᠩ︕

ᠣᠮ ᠮᠠ ᠬᠤᠩ᠂ ᠣᠮ ᠮᠠ ᠬᠤᠩ︕

ᠬᠤᠰᠢᠭᠤᠨ ᠣᠪᠣᠭ᠎ᠠ ᠪᠠᠨ ᠳᠠᠭᠢᠵᠤ

ᠬᠤᠳᠠᠯᠠ ᠣᠯᠠᠨ ᠭᠦᠳᠡᠯᠦᠯᠴᠡᠭ᠍ᠰᠡᠨ ᠡᠴᠡ

ᠮᠠᠩᠬᠠᠨ ᠳᠤ ᠮᠤᠳᠤ ᠪᠣᠷᠭᠠᠰᠤ ᠭᠦᠭᠡᠷᠡᠵᠤ᠂

ᠳᠠᠯ᠎ᠠ ᠳᠤ ᠡᠪᠠᠰᠤ ᠬᠤᠯᠤᠰᠤ ᠨᠤᠭᠤᠭᠠᠷᠠᠵᠤ᠂

ᠭᠦᠡᠳᠡᠢ ᠵᠤ᠋ ᠪᠠᠷ ᠠᠯᠳᠠᠨ ᠳᠠᠷᠢᠶ᠎ᠠ ᠬᠠᠯᠢᠭᠤᠷᠠᠵᠤ᠂

ᠭᠦᠳᠡᠭᠡ ᠭᠠᠳᠠᠭ᠎ᠠ ᠦᠭᠡᠶ ᠣᠢ᠌ᠯᠠᠳᠪᠣᠷᠢ ᠭᠦᠭ᠍ᠵᠢᠵᠤ᠂

ᠬᠠᠰᠢᠶᠠᠨ ᠳᠤᠳᠤᠷ᠎ᠠ ᠥᠭᠡᠷ ᠬᠤᠨᠢ ᠳᠦᠭᠦᠷᠴᠤ᠂

ᠨᠠᠭᠤᠷ ᠭᠤᠤᠯ ᠶᠢᠡᠷ ᠵᠢᠭᠠᠰᠤ ᠵᠢᠷᠭᠠᠬᠠᠢ ᠪᠢᠯᠬᠠᠵᠤ᠂

ᠠᠭᠤᠯᠠ ᠪᠣᠯᠭᠠᠨ ᠶᠢᠡᠷ ᠨᠠᠷᠠᠰᠤ ᠮᠠᠢ᠌ᠯᠠᠰᠤ ᠪᠦᠷᠭᠦᠵᠤ᠂

ᠬᠤᠳᠠ ᠪᠠᠯᠭᠠᠰᠤ ᠪᠠᠷ ᠠᠰᠠᠷ ᠳᠠᠭᠳᠤ ᠰᠦᠨᠳᠠᠷᠯᠠᠵᠤ᠂

ᠵᠠᠮ ᠬᠠᠷᠢᠯᠴᠠᠭ᠎ᠠ ᠳᠦᠷᠪᠡᠨ ᠵᠥᠭ᠌ ᠲᠤ ᠨᠠᠪᠳᠠᠷᠠᠵᠤ᠂

ᠠᠷᠠᠯᠵᠢᠶ᠎ᠠ ᠬᠤᠳᠠᠯᠳᠤᠭ᠎ᠠ ᠦᠷᠨᠢᠨ ᠭᠦᠭ᠍ᠵᠢᠵᠤ᠂

ᠠᠳᠤᠭᠤ ᠮᠠᠯ ᠠᠳᠠᠷ ᠳᠦᠭᠦᠷᠡᠩ᠂

ᠠᠮᠤ ᠪᠣᠳᠠᠭ᠎ᠠ ᠭᠦᠮᠦᠷᠭᠡ ᠳᠦᠭᠦᠷᠡᠩ᠂

ᠡᠳ᠋ ᠭᠦᠷᠦᠩᠭᠡ ᠡᠯᠪᠠᠭ᠌ ᠳᠡᠯᠪᠠᠭ᠌

ᠡᠷᠭᠢᠨ ᠠᠷᠠᠤᠨ ᠡᠷᠡᠭᠦᠯ ᠴᠠᠭᠢᠷᠠᠭ᠂

ᠡᠩ ᠶ‍ᠢᠷᠳᠢᠠᠴᠤ ᠡᠶ᠎ᠡ ᠵᠤᠭᠢᠴᠠᠩᠭ᠋ᠤᠢ᠂

ᠡᠯ᠎ᠡ ᠣᠢ᠌ᠯᠠᠰ ᠭᠦᠭ᠍ᠵᠢᠯ ᠪᠠᠳᠠᠷᠠᠩᠭ᠋ᠤᠢ ᠪᠣᠯᠵᠤ᠂

ᠣᠨ ᠣᠨ ᠥᠭᠡᠳᠡ ᠡᠰᠡᠷᠡᠭ᠌᠂

ᠦᠯᠵᠡᠢ ᠬᠤᠳᠤᠭ ᠮᠥᠩᠭᠡ ᠣᠷᠤᠰᠢᠬᠤ ᠪᠣᠯᠳᠤᠭᠠᠢ︕

ᠲᠦᠷᠦ ᠭᠦᠷᠤᠨ ᠡᠩᠭᠡ ᠳᠠᠢ᠌ᠪᠣᠩ᠂

ᠲᠦᠮᠡᠨ ᠠᠷᠠᠤᠨ ᠪᠠᠶᠠᠨ ᠴᠢᠨᠡᠭᠡᠯᠢᠭ᠌᠂

ᠦᠨᠳᠦᠰᠦᠳᠠᠨ ᠪᠦᠭᠦᠨ ᠡᠷᠭᠡ ᠳᠡᠭ᠍ᠰᠢ

ᠦᠨᠢᠷ ᠵᠢᠷᠭᠠᠯ ᠲᠡᠶ ᠠᠮᠢᠳᠤᠷᠠᠬᠤ ᠪᠣᠯᠳᠤᠭᠠᠢ︕

ᠠᠷᠠᠤᠨ ᠣᠯᠠᠨ ᠶᠢᠡᠷ ᠶᠢᠡᠨ ᠣᠷᠤᠯᠴᠠᠨ

ᠬᠤᠰᠢᠭᠤᠨ ᠣᠪᠣᠭ᠎ᠠ ᠪᠠᠨ ᠳᠠᠭᠢᠠᠰᠠᠨ ᠵᠢᠠᠷ

ᠣᠳᠤᠮ ᠰᠠᠢ᠌ᠳᠠᠢ ᠪᠦᠭᠡᠴᠦᠳ ᠣᠯᠠᠰᠢᠷᠠᠬᠤ ᠪᠣᠯᠳᠤᠭᠠᠢ︕

ᠣᠷᠠᠨ ᠮᠡᠷᠭᠡᠨ ᠪᠠᠷᠢᠶᠠᠤᠨ ᠣᠯᠠᠰᠢᠷᠠᠬᠤ ᠪᠣᠯᠳᠤᠭᠠᠢ︕

ᠣᠬᠠᠭᠠᠨ ᠰᠠᠴᠠᠨ ᠦᠷ᠎ᠡ ᠬᠡᠦᠬᠡᠳ ᠣᠯᠠᠰᠢᠷᠠᠬᠤ ᠪᠣᠯᠳᠤᠭᠠᠢ︕

ᠣᠷᠭᠤᠭ᠎ᠠ ᠵᠢᠷᠤᠭ᠎ᠠ ᠮᠤᠷᠢᠳ ᠣᠯᠠᠰᠢᠷᠠᠬᠤ ᠪᠣᠯᠳᠤᠭᠠᠢ︕

ᠬᠠᠷᠪᠣᠯᠳᠠ ᠰᠠᠢ᠌ᠳᠠᠢ ᠰᠤᠷᠴᠢᠳ ᠣᠯᠠᠰᠢᠷᠠᠬᠤ ᠪᠣᠯᠳᠤᠭᠠᠢ︕

ᠰᠤᠷᠤᠯᠭ᠎ᠠ ᠰᠠᠢ᠌ᠳᠠᠢ ᠪᠠᠭᠠᠴᠤᠳ ᠣᠯᠠᠰᠢᠷᠠᠬᠤ ᠪᠣᠯᠳᠤᠭᠠᠢ︕

ᠡᠷᠳᠡᠮᠳᠡᠨ ᠮᠡᠷᠭᠡᠳ ᠣᠯᠠᠰᠢᠷᠠᠬᠤ ᠪᠣᠯᠳᠤᠭᠠᠢ︕

ᠡᠳ᠋ ᠪᠠᠶᠠᠯᠢᠭ ᠠᠷᠪᠢᠵᠢᠬᠤ ᠪᠣᠯᠳᠤᠭᠠᠢ︕

ᠨᠠᠭᠠᠳᠤᠮ ᠤᠨ ᠬᠤᠷᠠᠯ ᠠᠮᠤᠷ ᠲᠦᠪᠰᠢᠨ᠂

ᠨᠠᠢ᠌ᠷ ᠨᠠᠭᠠᠳᠤᠮ ᠭᠦᠭ᠍ᠵᠢᠶᠡ᠊ᠨᠳᠡᠢ ᠪᠣᠯᠳᠤᠭᠠᠢ︕

ᠬᠤᠳᠠᠯᠠ ᠳᠡᠭᠦᠰ ᠪᠣᠯᠤᠭᠰᠠᠨ

ᠬᠤᠰᠢᠭᠤᠨ ᠣᠪᠣᠭ᠎ᠠ ᠳᠠᠨ ᠳ᠋ᠠᠭᠠᠨ

ᠠᠳᠤᠭᠤ ᠮᠠᠯ ᠤᠨ ᠪᠣᠶᠠᠨ ᠭᠡᠰᠢᠭ᠌

ᠠᠮᠤ ᠳᠠᠷᠢᠶᠠᠨ ᠤ ᠡᠯᠪᠠᠭ᠌ ᠬᠤᠷᠢᠶᠠᠯᠳᠠ

ᠠᠵᠤ ᠣᠢ᠌ᠯᠠᠳᠪᠣᠷᠢ ᠶᠢᠨ ᠳᠦᠷᠭᠡᠨ ᠭᠦᠭ᠍ᠵᠢᠯᠳᠡ

ᠠᠷᠠᠤᠨ ᠤᠨ ᠠᠮᠢᠳᠤᠷᠠᠯ ᠤᠨ ᠠᠮᠤᠷ ᠳᠠᠢ᠌ᠪᠣᠩ

ᠠᠮᠢ ᠨᠠᠰᠤᠨ ᠤ ᠣᠷᠳᠤ ᠪᠣᠯᠬᠤ ᠵᠢ

ᠡᠷᠭᠦᠯᠴᠢᠨ ᠣᠯᠠᠨ ᠪᠦᠭᠦᠳᠡᠭᠡᠷ ᠵᠢᠠᠨ

ᠠᠢ᠌ᠯᠠᠳᠬᠠᠨ ᠳᠠᠭᠠᠳᠬᠠᠵᠤ ᠪᠠᠢ᠌ᠨ᠎ᠠ᠃

ᠣᠮ ᠮᠠ ᠬᠤᠩ᠂ ᠣᠮ ᠮᠠ ᠬᠤᠩ︕

ᠣᠮ ᠮᠠ ᠬᠤᠩ᠂ ᠣᠮ ᠮᠠ ᠬᠤᠩ︕


ᠬᠤᠰᠢᠭᠤᠨ ᠣᠪᠣᠭ᠎ᠠ ᠶᠢᠨ ᠳᠠᠯᠠᠯᠭ᠎ᠠ ᠠᠪᠬᠤ ᠥᠭᠡ


ᠳᠠᠭᠠᠭᠠᠮᠠᠯ᠄ ᠣᠸᠮ ᠰᠠᠢ᠌ᠨ ᠠᠮᠤᠭᠤᠯᠠᠩ ᠪᠣᠯᠳᠤᠭᠠᠢ︕

ᠡᠴᠢᠭᠡ ᠳᠡᠭ᠍ᠷᠢ ᠡᠭᠡ ᠭᠠᠵᠠᠷ

ᠬᠤᠰᠢᠭᠤᠨ ᠣᠪᠣᠭ᠎ᠠ ᠶᠢᠨ ᠠᠪᠣᠷᠠᠯ ᠵᠢᠠᠷ

ᠡᠭᠡ ᠨᠤᠳᠤᠭ ᠮᠢᠨᠢ ᠪᠠᠶᠠᠵᠢᠨ ᠴᠡᠴᠡᠭᠯᠡᠵᠤ

ᠡᠪ ᠬᠠᠮᠳᠤ ᠨᠠᠮ ᠤᠨ ᠣᠳᠤᠷᠢᠳᠤᠯᠭ᠎ᠠ ᠪᠠᠷ

ᠡᠯ᠎ᠡ ᠦᠨᠳᠦᠰᠦᠳᠠᠨ ᠪᠦᠯᠭᠦᠮᠳᠡᠨ ᠨᠢᠠᠠᠳᠠᠷᠠᠭᠰᠠᠨ

ᠡᠶ᠎ᠡ ᠵᠤᠭᠢᠴᠠᠯᠳᠤ ᠰᠢᠨ᠎ᠡ ᠣᠩᠨᠢᠭᠤᠳ ᠮᠢᠨᠢ

ᠨᠠᠩ ᠳᠦᠷᠭᠡᠨ ᠭᠦᠭ᠍ᠵᠢᠭᠦ ᠪᠣᠯᠳᠤᠭᠠᠢ︕

ᠬᠤᠷᠤᠢ᠂ ᠬᠤᠷᠤᠢ᠂ ᠬᠤᠷᠤᠢ︕

ᠣᠯᠠᠨ᠄ ᠬᠤᠷᠤᠢ᠂ ᠬᠤᠷᠤᠢ᠂ ᠬᠤᠷᠤᠢ︕

ᠳᠠᠭᠠᠭᠠᠮᠠᠯ᠄ ᠠᠭᠤᠯᠠ ᠣᠰᠤᠨ ᠤ ᠨᠠᠪᠳᠠᠭ ᠤᠨ ᠰᠤᠶᠤᠷᠬᠠᠯ ᠵᠢᠠᠷ

ᠪᠣᠷᠤᠭᠠᠨ ᠣᠰᠤ ᠳᠡᠭ᠍ᠰᠢᠷᠡᠵᠤ

ᠳᠠᠪᠤᠨ ᠳᠠᠷᠢᠶ᠎ᠠ ᠡᠯᠪᠠᠭ᠌ ᠬᠤᠷᠢᠶᠠᠵᠤ

ᠳᠠᠶᠠᠭᠠᠷ ᠣᠯᠠᠨ ᠢ ᠢᠪᠠᠭᠡᠭᠦ ᠪᠣᠯᠳᠤᠭᠠᠢ︕

ᠬᠤᠷᠤᠢ᠂ ᠬᠤᠷᠤᠢ ᠬᠤᠷᠤᠢ︕

ᠣᠯᠠᠨ᠄ ᠬᠤᠷᠤᠢ᠂ ᠬᠤᠷᠤᠢ ᠬᠤᠷᠤᠢ︕

ᠳᠠᠭᠠᠭᠠᠮᠠᠯ᠄ ᠬᠤᠰᠢᠭᠤᠨ ᠣᠪᠣᠭ᠎ᠠ ᠶᠢᠨ ᠦᠷᠦᠰᠢᠶᠠᠯ ᠵᠢᠠᠷ

ᠬᠤᠷ᠎ᠠ ᠳᠤᠨᠤᠳᠠᠰᠤ ᠳᠡᠭ᠍ᠰᠢᠷᠡᠵᠤ

ᠡᠪᠠᠰᠤ ᠪᠠᠯᠴᠢᠭᠡᠷ ᠥᠩᠭᠡᠰᠢᠵᠤ

ᠳᠠᠪᠤᠨ ᠬᠤᠰᠢᠭᠤ ᠮᠠᠯ ᠦᠨᠢᠷ ᠥᠰᠭᠦ ᠪᠣᠯᠳᠤᠭᠠᠢ︕

ᠬᠤᠷᠤᠢ᠂ ᠬᠤᠷᠤᠢ᠂ ᠬᠤᠷᠤᠢ︕

ᠣᠯᠠᠨ᠄ ᠬᠤᠷᠤᠢ᠂ ᠬᠤᠷᠤᠢ᠂ ᠬᠤᠷᠤᠢ︕

ᠳᠠᠭᠠᠭᠠᠮᠠᠯ᠄ ᠬᠤᠰᠢᠭᠤᠨ ᠣᠪᠣᠭ᠎ᠠ ᠪᠠᠨ ᠳᠠᠭᠢᠭᠰᠠᠨ ᠵᠢᠠᠷ

ᠬᠤᠷ᠎ᠠ ᠶᠢᠨ ᠰᠢᠮ᠎ᠠ ᠬᠠᠢ᠌ᠷᠠᠯᠠᠵᠤ

ᠠᠭᠤᠯᠠ ᠣᠰᠤ ᠨᠤᠭᠤᠭᠠᠷᠠᠨ

ᠠᠮᠢ ᠠᠬᠤᠢ ᠰᠠᠢ᠌ᠵᠢᠷᠠᠬᠤ ᠪᠣᠯᠳᠤᠭᠠᠢ︕

ᠬᠤᠷᠤᠢ᠂ ᠬᠤᠷᠤᠢ᠂ ᠬᠤᠷᠤᠢ︕

ᠣᠯᠠᠨ᠄ ᠬᠤᠷᠤᠢ᠂ ᠬᠤᠷᠤᠢ᠂ ᠬᠤᠷᠤᠢ︕

ᠳᠠᠭᠠᠭᠠᠮᠠᠯ᠄ ᠬᠤᠰᠢᠭᠤᠨ ᠣᠪᠣᠭ᠎ᠠ ᠪᠠᠨ ᠳᠠᠭᠢᠭᠰᠠᠨ ᠵᠢᠠᠷ

ᠭᠤᠤᠯ ᠮᠦᠷᠠᠨ ᠪᠣᠯᠭᠠᠨ ᠬᠠᠰᠢᠯᠭ᠎ᠠ ᠪᠣᠭᠤᠯᠳᠠ ᠳᠠᠢ

ᠨᠠᠭᠤᠷ ᠴᠥᠭᠦᠷᠡᠮ ᠪᠣᠯᠭᠠᠨ ᠵᠢᠭᠠᠰᠤᠨ ᠭᠠᠷᠤᠯᠳᠠ ᠲᠡᠶ ᠪᠣᠯᠵᠤ

ᠣᠰᠤᠨ ᠠᠰᠢᠭᠯᠠᠯᠳᠠ ᠣᠯᠠᠮ ᠭᠦᠭ᠍ᠵᠢᠭᠦ ᠪᠣᠯᠳᠤᠭᠠᠢ︕

ᠬᠤᠷᠤᠢ᠂ ᠬᠤᠷᠤᠢ᠂ ᠬᠤᠷᠤᠢ︕

ᠣᠯᠠᠨ᠄ ᠬᠤᠷᠤᠢ᠂ ᠬᠤᠷᠤᠢ᠂ ᠬᠤᠷᠤᠢ︕

ᠳᠠᠭᠠᠭᠠᠮᠠᠯ᠄ ᠬᠤᠰᠢᠭᠤᠨ ᠣᠪᠣᠭ᠎ᠠ ᠪᠠᠨ ᠳᠠᠭᠢᠭᠰᠠᠨ ᠵᠢᠠᠷ

ᠡᠳ᠋ ᠤᠨ ᠡᠵᠡᠳ ᠪᠠᠶᠠᠰᠴᠤ

ᠣᠢ᠌ᠯᠠᠳᠪᠣᠷᠢ ᠠᠭᠤᠷᠬᠠᠢ ᠶᠢᠨ ᠭᠠᠷᠤᠯᠳᠠ ᠨᠡᠮᠡᠭ᠍ᠳᠡᠵᠤ

ᠡᠳ᠋ ᠤᠨ ᠵᠠᠰᠠᠭ ᠤᠨ ᠣᠷᠤᠯᠭ᠎ᠠ ᠨᠡᠮᠡᠭ᠍ᠳᠡᠭᠦ ᠪᠣᠯᠳᠤᠭᠠᠢ︕

ᠬᠤᠷᠤᠢ᠂ ᠬᠤᠷᠤᠢ᠂ ᠬᠤᠷᠤᠢ︕

ᠣᠯᠠᠨ᠄ ᠬᠤᠷᠤᠢ᠂ ᠬᠤᠷᠤᠢ᠂ ᠬᠤᠷᠤᠢ︕

ᠳᠠᠭᠠᠭᠠᠮᠠᠯ᠄ ᠬᠤᠰᠢᠭᠤᠨ ᠣᠪᠣᠭ᠎ᠠ ᠪᠠᠨ ᠳᠠᠭᠢᠭᠰᠠᠨ ᠵᠢᠠᠷ

ᠠᠷᠠᠯᠵᠢᠶ᠎ᠠ ᠬᠤᠳᠠᠯᠳᠤᠭ᠎ᠠ ᠭᠦᠭ᠍ᠵᠢᠶᠡᠨᠳᠡᠢ ᠪᠣᠯᠵᠤ

ᠠᠰᠢᠭ ᠣᠷᠤᠯᠭ᠎ᠠ ᠨᠡᠮᠡᠭ᠍ᠳᠡᠨ

ᠠᠷᠠᠤᠨ ᠤᠨ ᠠᠮᠢᠳᠤᠷᠠᠯ ᠰᠠᠢ᠌ᠵᠢᠷᠠᠬᠤ ᠪᠣᠯᠳᠤᠭᠠᠢ︕

ᠬᠤᠷᠤᠢ᠂ ᠬᠤᠷᠤᠢ᠂ ᠬᠤᠷᠤᠢ︕

ᠣᠯᠠᠨ᠄ ᠬᠤᠷᠤᠢ ᠬᠤᠷᠤᠢ᠂ ᠬᠤᠷᠤᠢ︕

ᠳᠠᠭᠠᠭᠠᠮᠠᠯ᠄ ᠬᠤᠰᠢᠭᠤᠨ ᠣᠪᠣᠭ᠎ᠠ ᠪᠠᠨ ᠳᠠᠭᠢᠭᠰᠠᠨ ᠵᠢᠠᠷ

ᠵᠠᠮ ᠬᠠᠷᠢᠯᠴᠠᠭ᠎ᠠ ᠳᠦᠭᠦᠮ ᠪᠣᠯᠵᠤ

ᠠᠶᠠᠨ ᠳᠡᠭᠡᠭᠡᠪᠦᠷᠢ ᠭᠦᠭ᠍ᠵᠢᠶᠡᠨᠳᠡᠢ ᠪᠣᠯᠵᠤ

ᠠᠷᠠᠤᠨ ᠤᠨ ᠣᠷᠤᠯᠭ᠎ᠠ ᠨᠡᠮᠡᠭ᠍ᠳᠡᠭᠦ ᠪᠣᠯᠳᠤᠭᠠᠢ︕

ᠬᠤᠷᠤᠢ᠂ ᠬᠤᠷᠤᠢ᠂ ᠬᠤᠷᠤᠢ︕

ᠣᠯᠠᠨ᠄ ᠬᠤᠷᠤᠢ᠂ ᠬᠤᠷᠤᠢ᠂ ᠬᠤᠷᠤᠢ︕

ᠳᠠᠭᠠᠭᠠᠮᠠᠯ᠄ ᠬᠤᠰᠢᠭᠤᠨ ᠣᠪᠣᠭ᠎ᠠ ᠪᠠᠨ ᠳᠠᠭᠢᠭᠰᠠᠨ ᠵᠢᠠᠷ

ᠬᠤᠳᠠ ᠶᠢᠨ ᠪᠦᠳᠦᠭᠡᠨ ᠪᠠᠢ᠌ᠭᠤᠯᠤᠯᠳᠠ ᠳᠦᠷᠭᠡᠳᠴᠤ

ᠵᠡᠭᠡᠯᠢ ᠭᠤᠳᠤᠮᠵᠢ ᠰᠠᠷᠠᠭᠤᠯ ᠠᠭᠤᠳᠠᠮ

ᠠᠰᠠᠷ ᠳᠠᠭᠳᠤ ᠰᠥᠷᠯᠢᠭ᠌ ᠰᠠᠢ᠌ᠬᠠᠨ

ᠬᠤᠳᠠ ᠶᠢᠨ ᠦᠵᠡᠮᠵᠢ ᠭᠤᠴᠤ ᠰᠠᠢ᠌ᠨ ᠪᠣᠯᠳᠤᠭᠠᠢ︕

ᠬᠤᠷᠤᠢ᠂ ᠬᠤᠷᠤᠢ᠂ ᠬᠤᠷᠤᠢ︕

ᠣᠯᠠᠨ᠄ ᠬᠤᠷᠤᠢ᠂ ᠬᠤᠷᠤᠢ᠂ ᠬᠤᠷᠤᠢ︕

ᠳᠠᠭᠠᠭᠠᠮᠠᠯ᠄ ᠬᠤᠰᠢᠭᠤᠨ ᠣᠪᠣᠭ᠎ᠠ ᠪᠠᠨ ᠳᠠᠭᠢᠭᠰᠠᠨ ᠵᠢᠠᠷ

ᠥᠰᠦᠭ᠌ ᠪᠢᠴᠢᠭ᠌ ᠶᠢᠡᠷ ᠣᠯᠠᠮ ᠭᠡᠭᠡᠷᠡᠵᠤ

ᠰᠤᠳᠤᠨ ᠪᠠᠭᠠᠴᠤᠳ ᠣᠯᠠᠰᠢᠷᠠᠵᠤ

ᠰᠤᠷᠭᠠᠨ ᠭᠦᠮᠦᠵᠢᠯ ᠭᠦᠭ᠍ᠵᠢᠭᠦ ᠪᠣᠯᠳᠤᠭᠠᠢ︕

ᠬᠤᠷᠤᠢ᠂ ᠬᠤᠷᠤᠢ᠂ ᠬᠤᠷᠤᠢ︕

ᠣᠯᠠᠨ᠄ ᠬᠤᠷᠤᠢ᠂ ᠬᠤᠷᠤᠢ᠂ ᠬᠤᠷᠤᠢ︕

ᠳᠠᠭᠠᠭᠠᠮᠠᠯ᠄ ᠬᠤᠰᠢᠭᠤᠨ ᠣᠪᠣᠭ᠎ᠠ ᠪᠠᠨ ᠳᠠᠭᠢᠭᠰᠠᠨ ᠵᠢᠠᠷ

ᠰᠤᠶᠤᠯ ᠳᠠᠮᠢᠷ ᠣᠯᠠᠮ ᠭᠦᠭ᠍ᠵᠢᠵᠤ

ᠰᠤᠳᠤᠨ ᠡᠷᠳᠡᠮᠳᠡᠨ ᠣᠯᠠᠰᠢᠷᠠᠵᠤ

ᠥᠩᠭᠡ ᠶᠢᠨ ᠴᠡᠴᠡᠭ᠌ ᠳᠡᠯᠭᠡᠷᠡᠭᠦ ᠪᠣᠯᠳᠤᠭᠠᠢ︕

ᠬᠤᠷᠤᠢ᠂ ᠬᠤᠷᠤᠢ᠂ ᠬᠤᠷᠤᠢ︕

ᠣᠯᠠᠨ᠄ ᠬᠤᠷᠤᠢ᠂ ᠬᠤᠷᠤᠢ᠂ ᠬᠤᠷᠤᠢ︕

ᠳᠠᠭᠠᠭᠠᠮᠠᠯ᠄ ᠣᠪᠣᠭᠠᠨ ᠤ ᠨᠠᠪᠳᠠᠭ ᠰᠠᠪᠳᠠᠭ ᠤᠨ ᠦᠷᠦᠰᠢᠶᠠᠯ ᠵᠢᠠᠷ

ᠡᠮ ᠡᠮᠨᠡᠯᠭᠡ ᠶᠢᠨ ᠣᠢ᠌ᠯᠠᠰ ᠭᠦᠭ᠍ᠵᠢᠵᠤ

ᠡᠪᠡᠳᠴᠢᠨ ᠡᠮᠵᠢᠭ᠌ ᠠᠷᠢᠯᠵᠤ

ᠥᠭᠯᠢᠭᠡ ᠶᠢᠨ ᠡᠵᠡᠳ ᠪᠦᠭᠦᠨ ᠣᠷᠳᠤ ᠨᠠᠰᠤᠯᠠᠬᠤ ᠪᠣᠯᠳᠤᠭᠠᠢ︕

ᠬᠤᠷᠤᠢ᠂ ᠬᠤᠷᠤᠢ᠂ ᠬᠤᠷᠤᠢ︕

ᠣᠯᠠᠨ᠄ ᠬᠤᠷᠤᠢ᠂ ᠬᠤᠷᠤᠢ᠂ ᠬᠤᠷᠤᠢ︕

ᠳᠠᠭᠠᠭᠠᠮᠠᠯ᠄ ᠬᠤᠰᠢᠭᠤᠨ ᠣᠪᠣᠭ᠎ᠠ ᠪᠠᠨ ᠳᠠᠭᠢᠭᠰᠠᠨ ᠵᠢᠠᠷ

ᠭᠦᠮᠤᠨ ᠠᠷᠠᠤᠨ ᠨᠢ ᠰᠠᠴᠠᠨ ᠰᠡᠷᠭᠦᠯᠡᠩ ᠪᠣᠯᠵᠤ

ᠰᠢᠨ᠎ᠡ ᠡᠭᠦᠳᠡᠯᠳᠡ ᠨᠠᠩ ᠣᠯᠠᠰᠢᠷᠠᠵᠤ

ᠰᠢᠡᠵᠢᠯᠡᠭᠦ ᠮᠡᠷᠭᠡᠵᠢᠯ ᠶᠡᠭᠡᠪᠠᠷ ᠭᠦᠭ᠍ᠵᠢᠭᠦ ᠪᠣᠯᠳᠤᠭᠠᠢ︕

ᠬᠤᠷᠤᠢ᠂ ᠬᠤᠷᠤᠢ᠂ ᠬᠤᠷᠤᠢ︕

ᠣᠯᠠᠨ᠄ ᠬᠤᠷᠤᠢ᠂ ᠬᠤᠷᠤᠢ᠂ ᠬᠤᠷᠤᠢ︕

ᠳᠠᠭᠠᠭᠠᠮᠠᠯ᠄ ᠬᠤᠰᠢᠭᠤᠨ ᠣᠪᠣᠭ᠎ᠠ ᠪᠠᠨ ᠳᠠᠭᠢᠭᠰᠠᠨ ᠤ ᠰᠠᠢ᠌ᠨ ᠵᠢᠠᠷ

ᠬᠤᠳᠤᠭ ᠭᠡᠰᠢᠭ᠌ ᠡᠭᠦᠳᠡ ᠪᠣᠯᠭᠠᠨ ᠳᠤ ᠰᠠᠭᠠᠳᠠᠵᠤ

ᠬᠤᠳᠠᠯᠠ ᠪᠣᠶᠠᠨ ᠡᠷᠦᠭᠡ ᠪᠣᠯᠭᠠᠨ ᠳᠤ ᠪᠠᠭᠤᠵᠤ

ᠡᠳ᠋ ᠭᠦᠷᠦᠩᠭᠡ ᠡᠯᠪᠠᠭ᠌ ᠳᠡᠯᠪᠠᠭ᠌ ᠪᠣᠯᠳᠤᠭᠠᠢ︕

ᠡᠷᠦᠭᠡ ᠭᠡᠷ ᠡᠶ᠎ᠡ ᠪᠦᠯᠭᠦᠮᠳᠡᠯ ᠲᠡᠶ ᠪᠣᠯᠳᠤᠭᠠᠢ︕

ᠡᠨᠡ ᠪᠠᠶ᠎ᠠ ᠡᠷᠡᠭᠦᠯ ᠴᠠᠭᠢᠷᠠᠭ ᠪᠣᠯᠳᠤᠭᠠᠢ︕

ᠡᠭᠡ ᠨᠤᠳᠤᠭ ᠪᠠᠶᠠᠨ ᠴᠢᠨᠡᠭᠡᠯᠢᠭ᠌ ᠪᠣᠯᠳᠤᠭᠠᠢ︕

ᠬᠤᠷᠤᠢ᠂ ᠬᠤᠷᠤᠢ᠂ ᠬᠤᠷᠤᠢ︕

ᠣᠯᠠᠨ᠄ ᠬᠤᠷᠤᠢ᠂ ᠬᠤᠷᠤᠢ᠂ ᠬᠤᠷᠤᠢ︕


2009 ᠣᠨ ᠤᠪ11 ᠰᠠᠷ᠎ᠠ ᠵᠢᠨ 22 ᠊ᠤᠨ ᠡᠳᠦᠷ

ᠵᠤᠬᠢᠶᠠᠭᠴᠢ ᠶᠢᠨ ᠬᠠᠶ‍ᠢᠭ᠄ ᠣᠩᠨᠢᠭᠤᠳ ᠬᠤᠰᠢᠭᠤᠨ ᠤ ᠢᠳᠡᠭᠡᠮᠵᠢ ᠶᠢᠨ ᠬᠤᠯᠪᠣᠭᠠᠳᠤ ᠬᠤᠷᠰᠢᠶ᠎ᠠ

ᠵᠤᠬᠢᠶᠠᠭᠴᠢ᠄ ᠨᠠᠮᠳᠠᠢ᠌ᠰᠦ᠋ᠷᠤᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7479
ᠴᠠᠭ᠄ 2009 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ