☆ ᠬᠠᠯᠳᠠᠷ
ᠭᠤᠯᠤᠭᠳᠠᠭᠰᠠᠨ ᠡᠷ᠎ᠡ ᠶᠢᠨ ᠦᠪᠡᠷ ᠢ ᠪᠠᠨ ᠵᠥᠪᠳᠡᠭᠡᠭ᠍ᠰᠡᠨ ᠰᠢᠯᠦᠭ᠌
ᠢᠨᠠᠭ ᠤᠨ ᠬᠠᠯᠠᠭᠤᠨ ᠳᠤ ᠮᠠᠩᠰᠢᠭᠤᠷᠠᠭᠰᠠᠨ ᠡᠳᠦᠷ ᠤᠳ ᠳᠤ
ᠶᠠᠮᠠᠷ ᠣᠪᠣᠭ ᠲᠡᠶ ᠪᠠᠨ ᠴᠤ ᠪᠢ ᠮᠠᠷᠳᠠᠪᠠ
ᠶᠠᠭᠠᠭᠢᠭᠠᠤᠨ ᠴᠤ ᠶᠤᠮ ᠪᠣᠤ ᠮᠠᠳᠠ ᠣᠷᠭᠢᠭᠳᠠᠭᠰᠠᠨ
ᠨᠢᠭᠡ ᠶᠢ ᠪᠠᠨ ᠴᠢ ᠶᠠᠷᠢᠪᠠ
ᠶᠠᠳᠠᠷᠠᠭᠤᠬᠠᠨ ᠡᠷ᠎ᠡ ᠶᠤᠮ ᠳ᠋ᠠ ᠭᠡᠵᠤ ᠪᠢ
ᠳᠡᠭᠦᠨ ᠢ ᠪᠠᠰᠤᠪᠠ᠃
ᠬᠤᠷᠢᠨ ᠵᠢᠯ ᠤᠨ ᠳᠠᠷᠠᠭ᠎ᠠ ᠨᠠᠳᠠ ᠡᠴᠠ ᠳᠠᠯᠳᠠᠭᠤᠷ
ᠬᠤᠯᠪᠣᠭ᠎ᠠ ᠪᠠᠷᠢᠵᠤ ᠳᠡᠭᠦᠨ ᠲᠡᠶ ᠴᠢ ᠬᠠᠷᠢᠯᠴᠠᠪᠠ
ᠬᠤᠩᠭ᠋ᠤᠷ ᠪᠦᠰᠡᠭᠦᠢ ᠠᠮᠠᠷᠠᠭ ᠵᠢᠭᠠᠯᠬᠠᠨ ᠲᠡᠶ ᠪᠠᠨ
ᠬᠤᠭᠤᠷᠤᠠᠳᠤ ᠪᠠᠨ ᠪᠢᠳᠠ ᠭᠠᠩᠨᠠᠭᠠᠰᠤ ᠲᠡᠶ ᠭᠡᠳᠡᠭ᠌
ᠵᠢᠠᠨ ᠪᠢ ᠰᠡᠵᠢᠭᠯᠡᠪᠡ᠃
ᠴᠢᠮᠡᠭᠡ ᠦᠭᠡᠶ ᠣᠭᠢᠯᠠᠭᠰᠠᠨ ᠢ ᠮᠢᠨᠢ
ᠭᠡᠨ ᠭᠦᠮᠤᠨ ᠬᠠᠷᠠᠴᠢᠬᠠᠭᠠᠤᠨ
ᠴᠡᠭᠡᠷ ᠦᠭᠡᠶ ᠰᠤᠨᠢᠨ ᠡᠷ᠎ᠡ ᠶᠤᠮ ᠳ᠋ᠠ ᠭᠡᠵᠤ
ᠡᠯᠡᠭᠯᠡᠭᠦ ᠪᠣᠯᠪᠠᠤ
ᠣᠰᠤᠨ ᠨᠢᠳᠤᠯᠠᠵᠤ ᠣᠷᠤᠭᠤ ᠴᠢᠷᠠᠢ᠌ᠯᠠᠭᠰᠠᠨ ᠢ ᠮᠢᠨᠢ
ᠴᠢ ᠮᠡᠳᠡᠴᠢᠭᠡᠭᠡᠳ
ᠣᠵᠤᠭᠤᠷ ᠡᠴᠠ ᠪᠠᠨ ᠨᠤᠳᠤ ᠰᠢᠩᠭᠡᠭ᠍ᠰᠡᠨ ᠡᠷ᠎ᠡ ᠶᠤᠮ ᠡ
ᠭᠡᠵᠤ ᠣᠯᠠᠮ ᠴᠤ ᠭᠤᠯᠤᠬᠤ ᠪᠣᠯᠪᠠᠤ᠃
ᠨᠢᠯᠪᠣᠰᠤ ᠦᠭᠡᠶ ᠢᠨᠠᠭ ᠶᠠᠭᠠᠭᠢᠵᠤ
ᠨᠢᠭᠤᠴᠠᠭᠠᠢ ᠵᠢᠷᠦᠭᠡᠨ ᠳᠤ ᠬᠠᠳᠠᠩᠰᠢᠬᠤ ᠪᠢᠯᠠ
ᠰᠤᠷᠮᠤᠤᠰᠤ ᠨᠣᠢ᠌ᠳᠠᠨ ᠳᠤᠷᠠᠯᠠᠯ ᠳ᠋ᠠᠭᠠᠨ
ᠰᠤᠭᠳᠤᠭᠤᠷᠠᠵᠤ ᠣᠬᠠᠭᠠᠨ ᠠᠯᠳᠠᠳᠠᠭ ᠨᠢ
ᠭᠠᠭᠴᠠ ᠪᠢ ᠪᠢᠰᠢ ᠰᠢᠤ ᠳ᠋ᠡ᠃
ᠵᠤᠬᠢᠶᠠᠭᠴᠢ ᠶᠢᠨ ᠬᠠᠶᠢᠭ ᠄ ᠣᠷᠠᠤᠨ ᠤᠨ ᠳᠤᠮᠳᠠᠳᠤ ᠬᠤᠰᠢᠭᠤ
ᠵᠤᠬᠢᠶᠠᠭᠴᠢ᠄ ᠬᠠᠯᠳᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 11 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ