☆ ᠳᠡᠷᠢᠰᠦ᠋ᠷᠦᠡᠭ᠌
ᠮᠢᠨᠤ ᠢᠳᠡᠭᠡᠯ
ᠡᠭᠡ ᠨᠤᠳᠤᠭ ᠤᠨ ᠶᠢᠡᠨ ᠠᠯᠳᠠᠨ ᠰᠢᠷᠤᠢ ᠳ᠋ᠤ
ᠡᠷᠳᠡᠮ ᠡᠪᠦᠷᠯᠡᠵᠤ ᠶᠠᠪᠣᠯ᠎ᠠ ᠪᠢ᠂
ᠡᠵᠢ ᠠᠪᠣ ᠶᠢᠨ ᠶᠢᠡᠨ ᠨᠠᠠᠳᠢᠨ ᠰᠤᠷᠭᠠᠯ ᠳ᠋ᠤ
ᠡᠷᠭᠡ ᠳᠤᠷᠠᠪᠠᠷ ᠦᠰᠤᠯᠠ ᠪᠢ᠃
ᠮᠤᠩᠭ᠋ᠤᠯᠵᠢᠨ ᠭᠤᠸ᠎ᠠ ᠶᠢᠨ ᠵᠠᠩ ᠴᠢᠨᠠᠷ ᠢ
ᠮᠥᠩᠭᠡ ᠬᠠᠳᠠᠭᠠᠯᠠᠵᠤ ᠶᠠᠪᠣᠯ᠎ᠠ ᠪᠢ
ᠮᠤᠷᠢᠳᠠᠨ ᠦᠨᠳᠦᠰᠦᠳᠠᠨ ᠤ ᠪᠠᠨ ᠰᠤᠶᠤᠯ ᠳᠡᠦᠭᠡ ᠵᠢ
ᠮᠦᠨ ᠴᠤ ᠨᠠᠠᠳᠢᠩᠨᠠᠵᠤ ᠳᠤᠷᠨᠢᠯᠠ ᠪᠢ
ᠵᠢᠩᠭ᠋ᠠᠷ ᠤᠨ ᠨᠤᠳᠤᠭ ᠬᠤᠪᠣᠭᠰᠠᠢ᠌ᠷᠢ ᠳᠤ
ᠵᠠᠩ ᠰᠠᠢ᠌ᠬᠠᠨ ᠦᠰᠤᠯᠠ ᠪᠢ
ᠡᠭᠡ ᠶᠢᠨ ᠭᠡᠯᠡ ᠪᠠᠷ ᠡᠷᠳᠡᠮ ᠰᠤᠷᠤᠭᠰᠠᠭᠠᠷ
ᠡᠨᠡ ᠵᠡᠷᠭᠡ ᠳᠤ ᠭᠦᠷᠦᠯ᠎ᠡ ᠪᠢ
ᠠᠷᠤ ᠨᠤᠳᠤᠭ ᠡᠴᠠ ᠪᠠᠨ ᠰᠠᠯᠵᠤ
ᠠᠯᠤᠰ ᠤᠨ ᠱᠠᠭᠠᠵᠠᠭᠠᠢ᠌ᠳᠤ ᠳᠤ ᠭᠦᠷᠦᠯ᠎ᠡ᠂
ᠠᠮᠠᠷᠠᠭ ᠬᠤᠩᠭ᠋ᠤᠷ ᠡᠴᠠ ᠪᠠᠨ ᠠᠶᠠᠷᠯᠠᠵᠤ
ᠠᠵᠢᠯ ᠤᠨ ᠬᠤᠪᠢᠶᠠᠷᠢ ᠪᠠᠷ ᠢᠷᠠᠯ᠎ᠠ᠃
ᠠᠩᠬᠠᠨ ᠤ ᠠᠵᠢᠯ ᠤᠨ ᠪᠠᠢ᠌ᠷᠢ ᠪᠠᠷ
ᠭᠦᠮᠤᠨ ᠤ ᠭᠠᠵᠠᠷ ᠲᠤ ᠭᠦᠷᠦᠭ᠍ᠰᠡᠨ ᠪᠢ
ᠠᠷᠠᠢ ᠳᠦᠷᠪᠠ ᠬᠤᠨᠤᠯ ᠦᠭᠡᠶ ᠪᠠᠷ
ᠭᠦᠴᠢᠷ ᠲᠤ ᠳᠤᠯᠭᠠᠷᠠᠵᠤ ᠪᠠᠢ᠌ᠯ᠎ᠠ ᠪᠢ᠂
ᠮᠤᠩᠭ᠋ᠤᠯ ᠶᠤᠰᠤᠨ ᠳᠠᠭᠠᠨ ᠶᠠᠪᠠᠭᠠᠷᠠᠭᠰᠠᠨ
ᠮᠤᠠᠳᠠᠭ ᠭᠠᠵᠠᠷ ᠭᠡᠵᠤ ᠭᠤᠯᠤᠭᠰᠠᠨ ᠦᠭᠡᠶ ᠪᠢ᠂
ᠮᠤᠷᠢᠨ ᠳᠡᠮᠡᠭᠡᠨ ᠳᠡᠭᠡᠨ ᠭᠡᠭᠡᠳᠡᠷᠡᠭ᠍ᠰᠡᠨ
ᠮᠤᠵᠢᠭᠠᠢ ᠨᠤᠳᠤᠭ ᠭᠡᠵᠤ ᠵᠢᠭ᠍ᠰᠢᠭ᠍ᠰᠡᠨ ᠦᠭᠡᠶ ᠪᠢ
ᠠᠯᠳᠠᠨ ᠳᠠᠷᠢᠶᠠᠯᠠᠩ ᠤᠨ ᠣᠷᠤᠨ ᠭᠡᠵᠤ
ᠠᠷᠭ᠎ᠠ ᠦᠭᠡᠶ ᠠᠵᠢᠯᠠᠯᠵᠤ ᠪᠠᠢ᠌ᠯ᠎ᠠ ᠪᠢ᠂
ᠠᠶᠤᠮᠠᠷ ᠬᠠᠯᠠᠭᠤᠬᠠᠨ ᠨᠤᠳᠤᠭ ᠭᠡᠵᠤ
ᠠᠵᠢᠯ ᠶᠢᠡᠨ ᠦᠷᠨᠢᠭᠦᠯᠭᠦ ᠪᠠᠷ ᠪᠡᠯᠡᠳᠭᠡᠯ᠎ᠡ ᠪᠢ
ᠠᠬ᠎ᠠ ᠳᠡᠭᠦᠦᠰ ᠤᠨ ᠢᠳᠬᠠᠯ ᠵᠢᠠᠷ
ᠠᠮᠳᠠᠷᠬᠠᠨ ᠠᠵᠢᠯᠯᠠᠬᠤ ᠪᠠᠷ ᠵᠤᠷᠢᠭᠵᠢᠯ᠎ᠠ ᠪᠢ
ᠠᠠᠳᠠ ᠨᠠᠢ᠌ᠵᠢᠰ ᠤᠨ ᠶᠢᠡᠨ ᠨᠠᠢ᠌ᠳᠠᠯᠭ᠎ᠠ ᠪᠠᠷ
ᠠᠮᠵᠢᠵᠤ ᠴᠢᠷᠮᠠᠢ᠌ᠬᠤ ᠪᠠᠷ ᠪᠣᠰᠤᠯ᠎ᠠ ᠪᠢ
ᠡᠷᠭᠡ ᠪᠠᠷᠭᠡ ᠬᠤᠶᠠᠷ ᠤᠨ
ᠦᠨᠡᠨ ᠣᠬᠠᠭ᠎ᠠ ᠶᠢ ᠮᠠᠳᠠᠯ᠎ᠠ ᠪᠢ
ᠡᠢ᠌ᠮᠤ ᠪᠠᠭᠠᠬᠠᠨ ᠨᠠᠰᠤᠨ ᠳ᠋ᠠᠭᠠᠨ
ᠦᠷᠭᠦᠯᠵᠢᠯᠡᠨ ᠳᠡᠮᠡᠴᠡᠭᠦ ᠪᠠᠷ ᠰᠢᠭᠤᠳᠤᠯ᠎ᠠ ᠪᠢ
ᠵᠤᠬᠢᠶᠠᠭᠴᠢ ᠶᠢᠨ ᠬᠠᠶᠢᠭ ᠄ ᠰᠢᠠᠵᠢᠶᠠᠩ ᠬᠤᠪᠣᠭᠰᠠᠢ᠌ᠷᠢ
ᠵᠤᠬᠢᠶᠠᠭᠴᠢ᠄ ᠳᠡᠷᠢᠰᠦ᠋ᠷᠦᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3503
ᠴᠠᠭ᠄ 2013 ᠤᠨ ᠤ 08 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ