ᠨᠡᠪᠲᠡᠷᠡᠨ ᠤᠷᠤᠬᠤ
ᠪᠦᠭᠦᠳᠡ ᠨᠠᠢ᠌ᠷᠠᠮᠳᠠᠬᠤ ᠠᠯᠲᠠᠢ ᠤᠯᠤᠰ

ᠣᠷᠤᠰ ᠤᠨ ᠬᠤᠯᠪᠣᠭᠠᠨ ᠤ ᠣᠯᠤᠰ ᠤᠨ ᠭᠢᠵᠠᠭᠠᠷ ᠤᠨ ᠪᠦᠷᠢᠯᠳᠦᠭᠦᠨ ᠳᠤ ᠪᠠᠭᠳᠠᠳᠠᠭ ᠪᠦᠭᠦᠳᠡ ᠨᠠᠢ᠌ᠷᠠᠮᠳᠠᠬᠤ ᠠᠯᠳᠠᠢ ᠣᠯᠤᠰ ᠲᠤ ᠮᠤᠩᠭ᠋ᠤᠯ ᠣᠭᠰᠠᠭᠠᠨ ᠤ ᠨᠢᠭᠡ ᠭᠡᠰᠡᠭ᠌ ᠭᠦᠮᠦᠰ ᠠᠵᠤ ᠲᠦᠷᠦᠨ ᠠᠮᠢᠳᠤᠷᠠᠨ᠎ᠠ᠃ ᠳᠤᠰ ᠪᠦᠭᠦᠳᠡ ᠨᠠᠢ᠌ᠷᠠᠮᠳᠠᠬᠤ ᠣᠯᠤᠰ ᠤᠨ ᠨᠤᠳᠤᠭ ᠨᠢ 92.9 ᠮᠢᠩᠭ᠋ᠠᠨ ᠬᠠᠪᠳᠠᠭᠠᠢ ᠳᠦᠷᠪᠡᠯᠵᠢᠨ ᠺᠢᠯᠤᠮᠸᠲ᠋ᠷ ᠪᠠᠢ᠌ᠵᠤ᠂ ᠭᠦᠮᠤᠨ ᠠᠮᠠ ᠨᠢ 198 ᠮᠢᠩᠭ᠋᠎ᠠ ᠪᠦᠭᠡᠤᠨ 61 ᠮᠢᠩᠭ᠋ᠠᠨ ᠨᠢ ᠣᠢ᠌ᠷᠠᠤᠨ ᠣᠭᠰᠠᠭᠠᠳᠠᠨ ᠶᠤᠮ᠃ (1989 ᠣᠨ ᠤ ᠭᠦᠮᠤᠨ ᠠᠮᠠ ᠶᠢᠨ ᠳᠤᠭᠠᠯᠠᠯ ᠵᠢᠠᠷ) 1921--1948 ᠣᠨ ᠪᠣᠯᠳᠠᠯ᠎ᠠ 《ᠣᠢ᠌ᠷᠠᠤᠨ ᠤᠨ ᠠᠤᠲ᠋ᠮᠤᠲ᠋ ᠮᠤᠵᠢ》 ᠭᠡᠵᠤ 1948 ᠣᠨ ᠡᠴᠡ 《ᠠᠭᠤᠯᠠ ᠶᠢᠨ ᠠᠯᠳᠠᠢ ᠶᠢᠨ ᠪᠦᠭᠦᠳᠡ ᠨᠠᠢ᠌ᠷᠠᠮᠳᠠᠬᠤ ᠣᠯᠤᠰ》 ᠭᠡᠮᠡᠨ ᠨᠡᠷᠡᠯᠡᠭ᠍ᠳᠡᠵᠤ ᠢᠷᠠᠵᠠᠢ᠃ ᠡᠳᠡᠭᠡᠷ ᠥᠭᠡᠷᠴᠢᠯᠡᠯᠳᠡ ᠡᠴᠡ ᠪᠣᠯᠵᠤ 《ᠣᠢ᠌ᠷᠠᠤᠨ》 ᠭᠡᠳᠡᠭ᠌ ᠨᠠᠷ᠎ᠠ ᠳᠤᠮᠢᠶ᠎ᠠ ᠠᠯᠠᠭ᠎ᠠ ᠪᠣᠯᠵᠤ 《ᠠᠯᠳᠠᠢ᠌ᠴᠤᠳ》 ᠭᠡᠮᠡᠭᠦ ᠪᠣᠯᠵᠢ᠃ ᠬᠠᠷᠢᠨ 1992 ᠣᠨ ᠤ ᠳᠠᠪᠣᠳᠤᠭᠠᠷ ᠰᠠᠷ᠎ᠠ ᠡᠴᠡ ᠡᠭᠢᠯᠡᠨ 《ᠪᠦᠭᠦᠳᠡ ᠨᠠᠢ᠌ᠷᠠᠮᠳᠠᠬᠤ ᠠᠯᠳᠠᠢ ᠣᠯᠤᠰ》 ᠪᠣᠯᠪᠠ᠃ [1]

ᠡᠨᠡ ᠨᠤᠳᠤᠭ ᠲᠤ ᠴᠢᠯᠠᠭᠤᠨ ᠵᠡᠪᠰᠡᠭ᠌ ᠤᠨ ᠦᠶ᠎ᠡ ᠡᠴᠡ ᠭᠦᠮᠤᠨ ᠠᠮᠢᠳᠤᠷᠠᠵᠤ ᠢᠷᠡᠭ᠍ᠰᠡᠨ ᠣᠯᠠ ᠮᠦᠷ ᠠᠷᠭᠢᠯᠤᠤᠭᠢ ᠶᠢᠨ ᠮᠠᠯᠳᠠᠮᠠᠯ ᠶᠢᠡᠷ ᠣᠯᠳᠠᠵᠠᠢ᠃ ᠡ᠊ᠨᠳᠡ ᠡᠷᠳᠡ ᠳᠡᠭᠡᠷ᠎ᠡ ᠦᠶ᠎ᠡ ᠡᠴᠡ ᠾᠦᠩᠨᠤ᠂ ᠲᠦᠷᠺ᠂ ᠣᠢ᠌ᠭᠤᠷ᠂ ᠭᠢᠷᠭᠢᠰ (ᠭᠢᠶ‍ᠠᠭᠠᠷᠰ)᠂ ᠭᠢᠳᠠᠨ ᠮᠤᠩᠭ᠋ᠤᠯᠴᠤᠳ ᠣᠷᠤᠰᠢᠨ ᠠᠮᠢᠳᠤᠷᠴᠤ ᠢᠷᠡᠭ᠍ᠰᠡᠨ ᠢ ᠠᠷᠭᠢᠯᠤᠤᠭᠢ᠂ ᠡᠲ᠋ᠸᠨᠡᠭᠡᠷᠫᠦᠨ ᠰᠤᠳᠤᠯᠤᠯᠭ᠎ᠠ ᠭᠡᠷᠡᠴᠢᠯᠡᠵᠤ ᠪᠠᠢ᠌ᠨ᠎ᠠ᠃ ᠠᠯᠳᠠᠢ ᠣᠢ᠌ᠷᠠᠤᠨ ᠤᠳ 13 ᠵᠠᠭᠤᠨ ᠤ ᠦᠶ᠎ᠡ ᠳᠤ ᠴᠢᠩᠭᠢᠰ ᠬᠠᠭᠠᠨ ᠤ ᠭᠦᠷᠤᠨ ᠪᠣᠶᠤ ᠶᠡᠭᠡ ᠮᠤᠩᠭ᠋ᠤᠯ ᠣᠯᠤᠰ ᠤᠨ ᠪᠦᠷᠢᠯᠳᠦᠭᠦᠨ ᠳᠤ ᠣᠷᠤᠭᠰᠠᠨ ᠡᠴᠡ ᠬᠣᠢ᠌ᠰᠢ 18 ᠳ᠋ᠤᠭᠠᠷ ᠵᠠᠭᠤᠨ ᠤ ᠳᠤᠮᠳᠠ ᠭᠦᠷᠳᠡᠯ᠎ᠡ ᠮᠤᠩᠭ᠋ᠤᠯ ᠣᠯᠤᠰ ᠤᠨ ᠨᠢᠭᠡᠨ ᠪᠣᠯᠵᠤ ᠠᠮᠢᠳᠤᠷᠠᠵᠤ ᠢᠷᠠᠵᠠᠢ᠃ ᠮᠤᠩᠭ᠋ᠤᠯ ᠤᠨ ᠶᠡᠭᠡ ᠭᠦᠷᠤᠨ ᠤ ᠪᠣᠳᠠᠷᠠᠯ ᠤᠨ ᠦᠶ᠎ᠡ ᠳᠤ ᠳᠠᠳᠠ ᠵᠡᠭᠦᠡᠭᠠᠷ ᠬᠠᠭᠠᠠᠳᠤ ᠣᠯᠤᠰ ᠤᠨ ᠪᠦᠷᠢᠯᠳᠦᠭᠦᠨ ᠳᠤ ᠪᠠᠭᠳᠠᠵᠠᠢ᠃ ᠮᠠᠠᠵᠤ ᠶᠢᠨ ᠳᠦᠷᠢᠮᠡᠭᠡᠢ᠌ᠯᠡᠯ ᠤᠨ ᠡᠰᠡᠷᠭᠦᠤ ᠳᠠᠮᠠᠴᠠᠵᠤ ᠪᠠᠢ᠌ᠯ᠎ᠠ᠃ 1755--1758 ᠣᠨ ᠤ ᠵᠡᠭᠦᠡᠭᠠᠷ ᠤᠨ ᠬᠠᠭᠠᠠᠳᠤ ᠣᠯᠤᠰ ᠪᠣᠯᠤᠨ ᠮᠠᠠᠵᠤ ᠴᠢᠩ ᠣᠯᠤᠰ ᠤᠨ ᠬᠤᠭᠤᠷᠤᠠᠳᠤ ᠶᠢᠨ ᠳᠠᠢ᠌ᠨ᠂ ᠠᠯᠳᠠᠢ ᠶᠢᠨ ᠣᠢ᠌ᠷᠠᠤᠨ ᠤᠳ ᠤᠨ ᠬᠤᠪᠢ ᠵᠠᠶᠠᠭᠠᠨ ᠳᠤ ᠡᠷᠭᠢᠯᠭᠡ ᠲᠡᠶ ᠦᠶ᠎ᠡ ᠪᠣᠯᠵᠠᠢ᠃ ᠣᠢ᠌ᠷᠠᠤᠨ ᠮᠤᠩᠭ᠋ᠤᠯ ᠮᠠᠠᠵᠤ ᠳᠤ ᠳᠠᠷᠤᠭᠳᠠᠭᠰᠠᠨ ᠤ ᠳᠠᠷᠠᠭ᠎ᠠ ᠠᠯᠳᠠᠢ ᠠᠭᠤᠯᠠ ᠶᠢᠨ ᠡᠨᠡ ᠭᠡᠰᠡᠭ᠌ ᠢ ᠬᠠᠭᠠᠠᠳᠤ ᠣᠷᠤᠰ ᠤᠨ ᠵᠥᠭ᠌ ᠡᠴᠡ ᠦᠪᠡᠷ ᠤᠨ ᠬᠠᠷᠢᠶᠠᠨ ᠳᠤ ᠣᠷᠤᠭᠤᠯᠬᠤ ᠶᠢ ᠴᠠᠷᠮᠠᠢ᠌ᠬᠤ ᠪᠣᠯᠤᠭᠰᠠᠨ ᠪᠠᠢ᠌ᠨ᠎ᠠ᠃ ᠡᠨᠡ ᠦᠶ᠎ᠡ ᠣᠷᠤᠰ ᠤᠳ ᠪᠠᠷᠠᠭᠤᠨ ᠰᠢᠪᠠᠷᠢᠶ᠎ᠠ ᠶᠢ ᠡᠵᠡᠯᠡᠨ ᠰᠠᠭᠤᠷᠢᠰᠢᠬᠤ ᠣᠢ᠌ᠯᠠ ᠶᠠᠪᠣᠳᠠᠯ ᠲᠡᠶ ᠳᠠᠪᠬᠤᠴᠠᠵᠠᠢ᠃ ᠠᠯᠳᠠᠢ ᠨᠠᠭᠤᠷ ᠤᠨ ᠠᠷᠤ ᠭᠡᠰᠡᠭ᠌ ᠤᠨ ᠣᠢ᠌ᠷᠠᠤᠨ ᠤᠳ ᠡᠨᠡ ᠨᠤᠳᠤᠭ ᠲᠤ ᠣᠷᠤᠰ ᠤᠨ ᠬᠠᠭᠠᠠᠳᠤ ᠣᠯᠤᠰ ᠤᠨ ᠧᠥᠷᠦᠫᠡ ᠶᠢᠨ ᠭᠡᠰᠡᠭ᠌ ᠡᠴᠡ ᠭᠦᠮᠤᠨ ᠢᠷᠡᠭ᠍ᠴᠢᠳ ᠣᠯᠠᠰᠢᠷᠴᠤ᠂ ᠦᠷᠡᠵᠢᠯ ᠰᠢᠮᠠᠳᠤ ᠭᠠᠵᠠᠷ ᠢ ᠡᠵᠡᠮᠰᠢᠨ ᠳᠠᠠᠳᠠ ᠪᠠᠢ᠌ᠩᠭ᠋ᠤ ᠰᠠᠭᠤᠬᠤ ᠶᠢ ᠡᠷᠡᠮᠡᠯᠵᠢᠯᠡᠵᠤ ᠪᠠᠢ᠌ᠯ᠎ᠠ᠃ ᠣᠷᠤᠰ ᠤᠨ ᠵᠠᠷᠢᠮ ᠡᠷᠳᠡᠮᠳᠡᠨ ᠤ ᠨᠤᠮ ᠵᠤᠬᠢᠶᠠᠯ ᠳᠤ ᠠᠯᠳᠠᠢ ᠣᠢ᠌ᠷᠠᠤᠨ ᠤᠳ ᠢ 1756 ᠣᠨ ᠳᠤ ᠣᠷᠤᠰ ᠤᠨ ᠬᠠᠷᠢᠶᠠᠨ ᠳᠤ ᠣᠷᠤᠭᠰᠠᠨ ᠭᠡᠵᠤ ᠳᠡᠮᠳᠡᠭᠯᠡᠵᠡᠢ᠃

ᠭᠡᠳᠡᠯ᠎ᠡ ᠡᠨᠡ ᠳ᠋ᠦ᠋ᠩᠨᠡᠯᠲᠡ ᠶᠢ ᠭᠦᠯᠢᠶᠡᠨ ᠵᠥᠪᠰᠢᠷᠡᠭᠦ ᠳᠤ ᠪᠠᠷᠭᠡ ᠶᠤᠮ᠃ ᠪᠠᠷᠠᠭᠤᠨ ᠮᠤᠩᠭ᠋ᠤᠯ ᠢ ᠰᠤᠳᠤᠯᠤᠭᠰᠠᠨ ᠣᠷᠤᠰ ᠤᠨ ᠪᠣᠰᠤᠳ ᠡᠷᠳᠡᠮᠳᠡᠨ ᠤᠳ ᠤᠨ ᠪᠦᠳᠦᠭᠡᠯ ᠳᠤ ᠥᠭᠡᠷ᠎ᠡ ᠪᠠᠷ ᠪᠢᠴᠢᠭ᠍ᠰᠡᠨ ᠪᠠᠢ᠌ᠨ᠎ᠠ᠃ ᠵᠡᠭᠦᠡᠭᠠᠷ ᠢ ᠳᠠᠷᠤᠭᠰᠠᠨ ᠤ ᠳᠠᠷᠠᠭ᠎ᠠ ᠪᠠᠭᠡᠵᠢᠩ ᠤᠨ ᠵᠠᠰᠠᠭ ᠤᠨ ᠭᠠᠵᠠᠷ ᠠᠯᠳᠠᠢ ᠨᠢᠷᠤᠭᠤ ᠨᠢ ᠭᠦᠮᠤᠨ ᠠᠮᠠ ᠴᠥᠭᠡᠭᠡᠨ ᠲᠡᠶ ᠡᠨᠡ ᠭᠦ ᠪᠠᠶᠠᠯᠢᠭ ᠨᠤᠳᠤᠭ ᠢ ᠡᠷᠭᠡᠨ ᠳᠡᠭᠡᠨ ᠠᠪᠴᠤ ᠰᠠᠭᠤᠷᠢᠰᠢᠬᠤ ᠳᠠᠯ᠎ᠠ ᠪᠠᠷ ᠠᠯᠳᠠᠭ᠎ᠠ ᠭᠠᠷᠭᠠᠭᠰᠠᠨ ᠭᠡᠵᠤ ᠡᠷᠳᠡᠮᠳᠡᠳ ᠳᠡᠮᠳᠡᠭᠯᠡᠵᠡᠢ᠃ ᠢᠯᠠᠩᠭ᠋ᠤᠶ᠎ᠠ ᠱᠠᠪᠢᠨ ᠳᠠᠪᠠᠭᠠᠨ ᠡᠴᠡ ᠪᠠᠷᠠᠭᠤᠨ ᠳᠡᠰᠢ ᠣᠷᠤᠰ ᠲᠡᠶ ᠭᠢᠯᠢᠯᠡᠭ᠍ᠰᠡᠨ ᠨᠤᠳᠤᠭ ᠢ ᠮᠠᠠᠵᠤ ᠨᠡᠷ ᠠᠪᠴᠤ ᠬᠤᠯᠪᠣᠭᠳᠠᠯ ᠪᠠᠭ᠎ᠠ ᠲᠡᠶ ᠭᠡᠵᠤ ᠦᠵᠡᠵᠤ ᠪᠠᠢ᠌ᠭᠰᠠᠨ ᠢ ᠳᠠᠯᠢᠮᠳᠠᠭᠤᠯᠤᠨ ᠬᠠᠳᠤᠨ᠂ ᠪᠦᠭᠡ ᠳᠠᠷᠠᠮ ᠭᠤᠤᠯ ᠤᠨ ᠭᠦᠪᠠᠭᠡᠨ ᠳᠤ ᠨᠡᠭᠦᠳᠡᠯᠯᠡᠨ ᠢᠷᠡᠭ᠍ᠰᠡᠨ ᠣᠷᠤᠰ ᠤᠳ ᠪᠠᠢ᠌ᠰᠢᠩ ᠪᠠᠷᠢᠯᠭ᠎ᠠ᠂ ᠭᠠᠴᠠᠭ᠎ᠠ ᠳᠤᠰᠬᠤᠨ ᠪᠠᠷᠢᠵᠤ ᠡᠭᠢᠯᠡᠭ᠍ᠰᠡᠨ ᠳᠤᠯᠠ ᠨᠤᠳᠤᠭ ᠤᠨ ᠢᠷᠭᠡᠤᠨ ᠳᠠᠳᠠᠨ ᠢ 《ᠳᠤᠰᠬᠤᠠᠴᠤᠳ》 ᠭᠡᠵᠤ ᠨᠡᠷᠡᠯᠡᠭᠦ ᠪᠣᠯᠵᠠᠢ᠃ ᠡᠨᠡ ᠦᠶ᠎ᠡ ᠳᠤᠰ ᠨᠤᠳᠤᠭ ᠣᠷᠤᠰ ᠭᠢᠳᠠᠤᠨ ᠬᠤᠶᠠᠷ ᠭᠦᠷᠤᠨ ᠤ ᠬᠤᠭᠤᠷᠤᠠᠳᠤ ᠵᠠᠪᠰᠠᠷᠳᠠᠨ ᠪᠠᠢ᠌ᠭᠰᠠᠨ᠃ 1790 ᠣᠨ ᠳᠤ ᠪᠣᠬ᠎ᠠ ᠳᠠᠷᠠᠮ ᠪᠣᠯᠤᠨ ᠠᠯᠳᠠᠢ ᠶᠢᠨ ᠪᠣᠰᠤᠳ ᠳᠤᠰᠬᠤᠤᠨ ᠤᠨ ᠨᠡᠭᠦᠳᠡᠯᠡᠨ ᠢᠷᠡᠭ᠍ᠰᠡᠨ ᠣᠷᠤᠰ ᠤᠳ 2 ᠳ᠋ᠤᠭᠠᠷ ᠧᠺᠠᠳ᠋ᠶ‍ᠧᠷᠢᠨ᠎ᠡ ᠬᠠᠭᠠᠨ ᠳᠤ ᠡᠷᠭᠦᠭᠦ ᠪᠢᠴᠢᠭ᠌ ᠪᠠᠷᠢᠵᠤ ᠣᠷᠤᠰ ᠤᠨ ᠬᠠᠷᠢᠶᠠᠨ ᠳᠤ ᠣᠷᠤᠬᠤ ᠶᠢ ᠭᠦᠰᠡᠭ᠍ᠰᠡᠨ ᠢ 1791 ᠣᠨ ᠤ 9 ᠳ᠋ᠦᠭᠡᠷ ᠰᠠᠷ᠎ᠠ ᠶᠢᠨ 15 ᠳᠤ ᠰᠢᠪᠠᠷᠢᠶ᠎ᠠ ᠶᠢᠨ ᠠᠮᠪᠠᠨ ᠵᠠᠭᠢᠷᠤᠭᠴᠢ ᠫᠢᠯᠢᠶ‍ᠸᠲ᠋ ᠶᠠᠪᠣᠭᠤᠯᠤᠭᠰᠠᠨ ᠵᠠᠷᠯᠢᠭ ᠲᠠᠭᠠᠨ ᠵᠥᠪᠰᠢᠶᠡᠷᠡᠭ᠍ᠰᠡᠨ ᠭᠡᠵᠤ ᠊ᠭ᠍ᠷᠦᠮ ᠊ᠭ᠍ᠷᠵᠢᠮᠡᠯᠢᠶ‍ᠦ᠋ ᠳᠡᠮᠳᠡᠭᠯᠡᠵᠡᠢ᠃

ᠭᠡᠳᠡᠯ᠎ᠡ ᠣᠭ ᠠᠰᠠᠭᠤᠳᠠᠯ ᠳᠤ ᠮᠠᠠᠵᠤ ᠶᠢᠨ ᠵᠠᠰᠠᠭ ᠤᠨ ᠭᠠᠵᠠᠷ ᠤᠨ ᠵᠥᠭ᠌ ᠡᠴᠡ ᠡᠰᠡᠷᠭᠦᠴᠡᠯ ᠢᠯᠡᠷᠭᠡᠢ᠌ᠯᠡᠭ᠍ᠰᠡᠨ ᠪᠠᠢ᠌ᠨ᠎ᠠ᠃ ᠮᠠᠠᠵᠤ ᠶᠢᠨ ᠡᠵᠡᠩᠳᠤ ᠭᠦᠷᠤᠨ ᠤ ᠪᠠᠷᠠᠭᠤᠨ ᠬᠣᠢ᠌ᠳᠤ ᠭᠢᠯᠢ ᠶᠢᠨ ᠬᠤᠳᠠᠯᠳᠤᠭ᠎ᠠ ᠶᠢ ᠭᠦᠭ᠍ᠵᠢᠭᠦᠯᠡᠭᠦ ᠶᠢᠨ ᠳᠤᠯᠠᠳᠠ ᠠᠯᠳᠠᠢ ᠨᠢᠷᠤᠭᠤᠨ ᠤ ᠡᠨᠡ ᠭᠡᠰᠡᠭ᠌ ᠲᠤ ᠬᠤᠳᠠᠯᠳᠤᠭᠠᠨ ᠤ ᠬᠤᠳᠠ ᠪᠠᠢ᠌ᠭᠤᠯᠬᠤ ᠵᠤᠷᠢᠯᠭ᠎ᠠ ᠶᠢᠡᠷ ᠣᠷᠤᠰ ᠤᠳ ᠢ ᠰᠠᠭᠤᠷᠢᠰᠢᠭᠤᠯᠵᠤ ᠪᠠᠢ᠌ᠭ᠎ᠠ ᠶᠢ ᠳᠠᠢ᠌ᠯᠪᠣᠷᠢᠯᠠᠨ᠂ ᠠᠰᠠᠭᠤᠳᠠᠯ ᠢ ᠭᠦᠭᠡᠭᠡᠴᠡᠯᠳᠦᠭᠦ ᠶᠢ ᠬᠠᠭᠠᠠᠳᠤ ᠣᠷᠤᠰ ᠤᠨ ᠵᠠᠰᠠᠭ ᠤᠨ ᠭᠠᠵᠠᠷ ᠡᠴᠡ ᠪᠠᠭᠡᠵᠢᠩ ᠳᠤ ᠰᠠᠭᠤᠭ᠎ᠠ ᠡᠯᠴᠢ ᠭᠤᠯᠤᠸᠺᠢ ᠳᠤ ᠳᠠᠮᠵᠢᠭᠤᠯᠤᠵᠠᠢ᠃

ᠡᠨᠡ ᠭᠦ ᠭᠠᠵᠠᠷ ᠨᠤᠳᠤᠭ ᠤᠨ ᠠᠰᠠᠭᠤᠳᠠᠯ 1860 ᠣᠨ ᠤ ᠪᠠᠭᠡᠵᠢᠩ ᠤᠨ ᠭᠡᠷ᠎ᠡ᠂ 1864 ᠣᠨ ᠴᠦᠩᠴᠢᠩ ᠤᠨ ᠭᠡᠷ᠎ᠡ ᠪᠠᠷ ᠰᠢ᠌ᠦᠡᠪᠦᠷᠢᠯᠡᠭ᠍ᠳᠡᠭ᠍ᠰᠡᠨ ᠪᠠᠢ᠌ᠨ᠎ᠠ᠃ ᠡ᠊ᠨᠳᠡ ᠡᠴᠡ ᠦᠵᠡᠪᠠᠯ ᠠᠯᠳᠠᠢ ᠣᠢ᠌ᠷᠠᠤᠨ ᠤᠳ 19 ᠳ᠋ᠦᠭᠡᠷ ᠵᠠᠭᠤᠨ ᠤ 2 ᠬᠠᠭᠠᠰ ᠲᠤ ᠣᠷᠤᠰ ᠤᠨ ᠬᠠᠷᠢᠶᠠᠨ ᠳᠤ ᠣᠷᠤᠭᠰᠠᠨ ᠭᠡᠵᠤ ᠥᠵᠡᠭᠦ ᠦᠨᠳᠦᠰᠦ ᠪᠠᠢ᠌ᠨ᠎ᠠ᠃ ᠶᠠᠮᠠᠷ ᠴᠤ ᠪᠠᠢ᠌ᠭᠰᠠᠨ ᠠᠯᠳᠠᠢ ᠨᠢᠷᠤᠭᠤ ᠨᠢ ᠡᠨᠡ ᠭᠦ ᠨᠤᠳᠤᠭ ᠲᠤ ᠣᠢ᠌ᠷᠠᠤᠨ ᠤᠳ ᠨᠠᠯᠢᠶᠠᠤᠨ ᠪᠠᠶ᠎ᠠ ᠪᠠᠨ ᠳᠠᠭᠠᠭᠰᠠᠨ ᠪᠠᠢ᠌ᠳᠠᠯ ᠲᠡᠶ ᠠᠮᠢᠳᠤᠷᠠᠭᠰᠠᠭᠠᠷ 19 ᠳ᠋ᠦᠭᠡᠷ ᠵᠠᠭᠤᠨ ᠤ ᠡᠴᠦᠰ ᠲᠤ ᠭᠦᠷᠴᠡᠢ᠃

18 ᠳ᠋ᠤᠭᠠᠷ ᠵᠠᠭᠤᠨ ᠤ ᠳᠤᠮᠳᠠᠭᠤᠷ ᠭᠠᠷᠤᠭᠰᠠᠨ ᠣᠢ᠌ᠷᠠᠤᠨ ᠮᠤᠩᠭ᠋ᠤᠯ ᠤᠨ ᠠᠷᠠᠤᠨ ᠲᠦᠮᠡᠨ ᠤ ᠡᠷᠭᠡ ᠴᠢᠯᠦᠭᠡᠨ ᠤ ᠳᠠᠮᠠᠴᠠᠯ ᠳᠤ ᠣᠢ᠌ᠷᠠᠤᠨ ᠤᠳ ᠢᠳᠠᠪᠭᠢᠳᠠᠢ ᠣᠷᠤᠯᠴᠠᠵᠤ᠂ ᠮᠠᠠᠵᠤ ᠶᠢᠨ ᠴᠡᠷᠢᠭ᠌ ᠲᠤ ᠰᠢᠬᠠᠭᠳᠠᠭᠰᠠᠨ ᠵᠡᠭᠦᠡᠭᠠᠷ ᠤᠨ ᠡᠭᠡ ᠣᠷᠤᠠᠴᠢ ᠤᠳ ᠢ ᠳᠠᠮᠵᠢᠨ ᠳᠤᠰᠠᠯᠠᠵᠤ ᠪᠠᠢ᠌ᠭᠰᠠᠨ ᠢ ᠣᠯᠠᠨ ᠨᠤᠮ ᠵᠤᠬᠢᠶᠠᠯ ᠤᠳ ᠲᠤ ᠳᠤᠷᠠᠳᠤᠭᠰᠠᠨ ᠪᠠᠢ᠌ᠨ᠎ᠠ᠃ ᠮᠠᠠᠵᠤ ᠶᠢᠨ ᠡᠰᠡᠷᠭᠦᠤ ᠢᠳᠠᠪᠭᠢᠳᠠᠢ ᠳᠡᠮᠡᠴᠡᠭ᠍ᠴᠢ ᠣᠢ᠌ᠷᠠᠤᠨ ᠤᠨ ᠠᠮᠤᠷᠰᠠᠨᠠᠭ᠎ᠠ ᠬᠠᠭᠠᠨ ᠢ ᠠᠯᠳᠠᠢ ᠣᠢ᠌ᠷᠠᠤᠨ ᠤᠳ ᠣᠷᠭᠤᠭᠤᠯᠤᠨ ᠨᠢᠭᠤᠵᠤ ᠪᠠᠢ᠌ᠭᠠᠤᠨ ᠳᠤᠯᠪᠣᠰᠸᠺ ᠬᠤᠳᠠ ᠭᠦᠷᠭᠡᠭ᠍ᠰᠡᠨ ᠳᠡᠦᠭᠡᠨ ᠪᠠᠷᠢᠮᠳᠠ ᠪᠣᠢ᠃ [2] ᠨᠢᠭᠡ ᠥᠭᠡ ᠪᠠᠷ ᠭᠡᠯᠡᠪᠠᠯ ᠡᠨᠡ ᠨᠤᠳᠤᠭ ᠵᠡᠭᠦᠡᠭᠠᠷ ᠤᠨ ᠬᠠᠭᠠᠠᠳᠤ ᠣᠯᠤᠰ᠂ ᠣᠷᠤᠰ ᠣᠯᠤᠰ ᠲᠡᠶ ᠬᠠᠷᠢᠯᠴᠠᠭ᠎ᠠ ᠳᠤᠭᠳᠠᠭᠠᠬᠤ ᠨᠢᠭᠡᠨ ᠭᠠᠷᠴᠠ ᠪᠣᠯᠵᠤ ᠪᠠᠢ᠌ᠯ᠎ᠠ᠃

ᠡᠨᠡ ᠵᠠᠭᠤᠨ ᠤ ᠡᠭᠢᠨ ᠭᠦᠷᠳᠡᠯ᠎ᠡ ᠳᠠᠳᠠ ᠮᠠᠯ ᠠᠵᠤ ᠠᠬᠤᠢ᠂ ᠠᠩ ᠠᠩᠨᠠᠭᠤᠷ ᠡᠷᠭᠢᠯᠡᠨ ᠬᠠᠭᠠᠰ ᠹᠧᠥᠳᠠᠯ ᠤᠨ ᠬᠠᠷᠢᠯᠴᠠᠭᠠᠨ ᠳᠤ ᠣᠷᠤᠰᠢᠵᠤ᠂ ᠣᠷᠤᠰ ᠤᠨ ᠲᠦᠰᠢᠮᠠᠯ᠂ ᠨᠤᠳᠤᠭ ᠤᠨ ᠵᠠᠢ᠌ᠰᠠᠩ ᠤᠳ ᠤᠨ ᠣᠳᠤᠷᠢᠳᠤᠯᠭ᠎ᠠ ᠳᠤ ᠶᠠᠪᠣᠵᠤ ᠢᠷᠡᠭ᠍ᠰᠡᠨ ᠬᠠᠭᠠᠠᠳᠤ ᠣᠷᠤᠰ ᠤᠨ ᠨᠢᠭᠡᠨ ᠬᠤᠴᠤᠷᠤᠭᠳᠠᠭᠰᠠᠨ ᠭᠢᠵᠠᠭᠠᠷ ᠨᠤᠳᠤᠭ ᠪᠠᠢ᠌ᠵᠠᠢ᠃

1918 ᠣᠨ ᠳᠤ ᠠᠯᠳᠠᠢ ᠳᠤ ᠪᠣᠸᠯᠱᠶ‍ᠸᠸᠺᠢ ᠪᠠᠢ᠌ᠭᠤᠯᠠᠭ᠎ᠠ᠂ ᠮᠦᠨ ᠴᠠᠭᠠᠠᠳᠠᠨ ᠤ ᠵᠠᠰᠠᠭᠯᠠᠯ᠂ ᠣᠷᠤᠨ ᠨᠤᠳᠤᠭ ᠤᠨ ᠵᠠᠰᠠᠭ ᠵᠠᠭᠢᠷᠠᠭ᠎ᠠ ᠭᠡᠮᠡᠭᠦ ᠭᠤᠷᠪᠠᠨ ᠵᠠᠰᠠᠭ ᠳᠤᠭᠳᠠᠵᠠᠢ᠃ 1922 ᠣᠨ ᠳᠤ ᠵᠦᠪᠯᠠᠯᠳᠤ ᠣᠯᠤᠰ ᠡᠴᠡ 《ᠣᠢ᠌ᠷᠠᠤᠨ ᠤᠨ ᠠᠤᠲ᠋ᠮᠤᠲ᠋ ᠮᠤᠵᠢ》 ᠪᠣᠯᠭᠠᠵᠠᠢ᠃

ᠭᠡᠳᠡᠯ᠎ᠡ᠂ ᠢ᠊·ᠰᠲ᠋ᠠᠯᠢᠨ ᠪᠣᠯᠤᠨ ᠳᠡᠭᠦᠨ ᠢ ᠳᠤᠭᠤᠷᠢᠨ ᠭᠦᠷᠢᠶᠡᠯᠡᠭ᠍ᠴᠢᠳ ᠤᠨ ᠳᠠᠭᠠᠯᠠᠯ ᠳᠤ ᠮᠤᠵᠢ ᠶᠢᠨ ᠨᠠᠷ᠎ᠠ ᠨᠢ ᠦᠯᠦ ᠨᠡᠢ᠌ᠴᠡᠭ᠍ᠰᠡᠨ ᠳᠤᠯᠠ 1948 ᠣᠨ ᠳᠤ 《ᠠᠭᠤᠯᠠ ᠶᠢᠨ ᠠᠯᠳᠠᠢ ᠶᠢᠨ ᠠᠤᠲ᠋ᠮᠤᠲ᠋ ᠮᠤᠵᠢ》 ᠪᠣᠯᠭᠠᠵᠤ ᠳᠡᠭᠦᠨ ᠤ ᠲᠦᠪ《ᠣᠢ᠌ᠷᠠᠤᠨ ᠤᠨ ᠳᠤᠤᠷᠢ》 ᠬᠤᠳᠠ ᠶᠢ 《ᠭᠦᠷᠨᠦᠧ ᠠᠯᠳᠠᠢ᠌ᠰᠺ》 ᠭᠡᠵᠤ ᠨᠠᠷᠠᠯᠠᠵᠠᠢ᠃ ᠬᠠᠷᠢᠨ ᠥᠭᠡᠷᠴᠢᠯᠡᠯᠳᠡ᠂ ᠰᠢᠨᠠᠴᠢᠯᠠᠯᠳᠠ᠂ ᠠᠷᠠᠤᠠᠴᠢᠯᠠᠯ ᠥᠷᠨᠢᠭ᠍ᠰᠡᠨ ᠰᠡᠭᠦᠯᠴᠢ ᠶᠢᠨ ᠵᠢᠯ ᠤᠳ ᠲᠤ 1991ᠣᠨ ᠳᠤ ᠳᠤᠰ ᠮᠤᠵᠢ ᠶᠢ ᠠᠭᠤᠯᠠ ᠶᠢᠨ ᠠᠯᠳᠠᠢ ᠶᠢᠨ ᠪᠦᠭᠦᠳᠡ ᠨᠠᠢ᠌ᠷᠠᠮᠳᠠᠬᠤ ᠣᠯᠤᠰ ᠪᠣᠯᠭᠠᠵᠤ᠂ 1992 ᠣᠨ ᠳᠤ 《ᠪᠦᠭᠦᠳᠡ ᠨᠠᠢ᠌ᠷᠠᠮᠳᠠᠬᠤ ᠠᠯᠳᠠᠢ ᠣᠯᠤᠰ》 ᠪᠣᠯᠪᠠ᠃ ᠨᠠᠢ᠌ᠰᠯᠠᠯ ᠨᠢ ᠭᠦᠷᠦᠨᠦᠧ ᠠᠯᠳᠠᠢ᠌ᠰᠸᠺ ᠬᠤᠳᠠ᠃ ᠵᠠᠰᠠᠭ ᠵᠠᠭᠢᠷᠭᠠᠨ ᠤ ᠵᠤᠬᠢᠶᠠᠨ ᠪᠠᠢ᠌ᠭᠤᠯᠤᠯᠳᠠ ᠶᠢᠨ ᠬᠤᠪᠢ ᠳᠤ ᠳᠤᠳᠤᠷ ᠶᠢᠡᠨ 9 ᠠᠢ᠌ᠮᠠᠭ᠂ ᠨᠢᠭᠡ ᠬᠤᠳᠠ ᠲᠡᠶ᠃ 1970 ᠣᠨ ᠤ ᠭᠦᠮᠤᠨ ᠠᠮᠠ ᠶᠢᠨ ᠳᠤᠭᠠᠯᠠᠯ ᠶᠢᠡᠷ 167 ᠮᠢᠩᠭ᠋ᠠᠨ ᠭᠦᠮᠤᠨ ᠲᠡᠶ᠂ ᠳᠡᠭᠦᠨ ᠤ ᠳᠤᠳᠤᠷ᠎ᠠ 50 ᠭᠠᠷᠤᠢ ᠮᠢᠩᠭ᠋᠎ᠠ ᠨᠢ ᠣᠢ᠌ᠷᠠᠤᠨ ᠤᠳ ᠪᠣᠯᠤᠨ᠎ᠠ᠃

ᠣᠢ᠌ᠷᠠᠤᠨ ᠮᠤᠩᠭ᠋ᠤᠯᠴᠤᠳ ᠡᠷᠳᠡᠨ ᠡᠴᠡ ᠪᠠᠨ ᠠᠪᠣᠭᠠᠤᠨ ᠡᠷᠳᠡᠮ ᠰᠤᠶᠤᠯ ᠢ ᠡᠷᠭᠢᠮᠯᠡᠵᠤ ᠢᠷᠡᠭ᠍ᠰᠡᠨ ᠳᠡᠦᠭᠡᠳᠤ ᠣᠯᠠᠮᠵᠢᠯᠠᠯ ᠲᠡᠶ ᠶᠤᠮ᠃ 1917 ᠣᠨ ᠳᠤ 34 ᠰᠤᠷᠭᠠᠭᠤᠯᠢ ᠳᠤ 1.9 ᠮᠢᠩᠭ᠋ᠠᠨ ᠰᠤᠷᠤᠭᠴᠢ ᠲᠡᠶ ᠪᠠᠢ᠌ᠭᠰᠠᠨ ᠪᠣᠯ 1992 ᠣᠨ ᠳᠤ 200 ᠭᠠᠷᠤᠢ ᠰᠤᠷᠭᠠᠭᠤᠯᠢ ᠲᠡᠶ ᠪᠣᠯᠵᠤ 40 ᠮᠢᠩᠭ᠋ᠠᠨ ᠰᠤᠷᠤᠭᠴᠢ ᠲᠡᠶ ᠪᠣᠯᠵᠠᠢ᠃ ᠳᠤᠰ ᠣᠯᠤᠰ ᠲᠤ ᠡᠷᠳᠡᠮ ᠰᠢᠡᠵᠢᠯᠡᠭᠡᠨ ᠤ 40 ᠣᠷᠴᠢᠮ ᠤᠨ ᠪᠠᠢ᠌ᠭᠤᠯᠭ᠎ᠠ ᠡᠴᠡ ᠠᠯᠳᠠᠢ ᠭᠡᠯᠡ᠂ ᠣᠤᠬ᠎ᠠ ᠵᠤᠬᠢᠶᠠᠯ᠂ ᠳᠡᠦᠭᠡᠨ ᠡᠷᠳᠡᠮ ᠰᠢᠡᠵᠢᠯᠭᠡ ᠭᠢᠵᠤ ᠪᠠᠢ᠌ᠬᠤ ᠪᠦᠭᠡᠤᠨ ᠣᠢ᠌ᠷᠠᠤᠨ ᠮᠤᠩᠭ᠋ᠤᠯ ᠤᠨ ᠭᠡᠯᠡ ᠰᠤᠶᠤᠯ ᠳᠡᠦᠭᠡ ᠠᠬᠤᠢ᠂ ᠵᠠᠩ ᠵᠠᠩᠰᠢᠯ ᠢ ᠰᠤᠳᠤᠯᠬᠤ ᠳᠤ ᠶᠡᠭᠡᠭᠡᠨ ᠵᠣᠢ᠌ᠯ ᠢ ᠭᠢᠵᠤ ᠭᠠᠳᠠᠭᠠᠳᠤ ᠳᠤᠳᠤᠭᠠᠳᠤ ᠳᠤ ᠠᠯᠳᠠᠷᠰᠢᠵᠠᠢ᠃ ᠠᠯᠳᠠᠢ ᠣᠢ᠌ᠷᠠᠤᠨ ᠤᠳ ᠣᠤᠯ ᠨᠢ ᠮᠤᠩᠭ᠋ᠤᠯ ᠭᠡᠯᠡ ᠲᠡᠶ (ᠲ᠋ᠤᠳᠤ ᠥᠰᠦᠭ᠌ ᠳᠠᠢ) ᠪᠠᠢ᠌ᠭᠰᠠᠨ᠃ 1938 ᠣᠨ ᠡᠴᠡ ᠺᠢᠷᠢᠯ ᠪᠢᠴᠢᠭ᠌ ᠠᠪᠴᠤ ᠭᠡᠷᠡᠭᠯᠡᠵᠡᠢ᠃ ᠣᠯᠠᠨ ᠵᠠᠭᠤᠨ ᠵᠢᠯ ᠣᠷᠤᠰ᠂ ᠺᠠᠽᠠᠭ ᠤᠳ ᠤᠨ ᠳᠤᠮᠳᠠ ᠣᠷᠤᠰᠢᠨ ᠠᠮᠢᠳᠤᠷᠠᠬᠤ ᠶᠠᠪᠣᠴᠠ ᠳᠤ ᠭᠡᠯᠡ ᠶᠠᠷᠢᠶ᠎ᠠ ᠨᠢ ᠳᠡᠭᠦᠨ ᠵᠥᠭ᠌ ᠶᠡᠭᠡ ᠬᠠᠵᠠᠢ᠌ᠭᠰᠠᠨ ᠪᠠᠢ᠌ᠨ᠎ᠠ᠃ ᠬᠠᠷᠢᠨ ᠮᠠᠯ ᠠᠵᠤ ᠠᠬᠤᠢ᠂ ᠭᠠᠵᠠᠷ ᠣᠰᠤ᠂ ᠠᠵᠤ ᠠᠮᠢᠳᠤᠷᠠᠯ ᠤᠨ ᠨᠠᠷ᠎ᠠ ᠳᠤᠮᠢᠶ᠎ᠠ ᠨᠢ ᠮᠤᠩᠭ᠋ᠤᠯ ᠶᠢᠡᠷ ᠶᠢᠡᠨ ᠦᠯᠠᠳᠠᠵᠠᠢ᠃ ᠡᠷᠭᠡ ᠴᠢᠯᠦᠭᠡ᠂ ᠠᠵᠠ ᠵᠢᠷᠭᠠᠯ᠂ ᠪᠦᠳᠦᠭᠡᠯᠴᠢ ᠭᠦᠳᠡᠯᠮᠦᠷᠢ ᠶᠢ ᠡᠷᠭᠢᠮᠯᠡᠳᠡᠭ᠌ ᠣᠢ᠌ᠷᠠᠤᠨ ᠮᠤᠩᠭ᠋ᠤᠯᠴᠤᠳ ᠤᠨ ᠭᠦᠰᠡᠯ ᠡᠷᠡᠮᠡᠵᠢᠯᠡᠯ ᠨᠢ ᠥᠯᠢᠭᠡᠷ ᠳᠤᠤᠯᠢ᠂ ᠢᠷᠦᠭᠡᠯ ᠮᠠᠭᠳᠠᠭᠠᠯ᠂ ᠳᠠᠭᠤᠤ ᠭᠦᠭ᠍ᠵᠢᠮ ᠶᠢᠡᠷ ᠳᠠᠮᠵᠢᠨ ᠭᠦᠭ᠍ᠵᠢᠵᠤ ᠢᠷᠠᠵᠠᠢ᠃ (ᠨᠠᠩ ᠴᠤ ᠮᠤᠩᠭ᠋ᠤᠯ ᠦᠨᠳᠦᠰᠦᠳᠠᠨ ᠤ ᠢᠵᠠᠭᠤᠷ ᠣᠷᠠᠯᠢᠭ - ᠭᠦᠮᠡᠢ᠌ᠯᠡᠭᠦ ᠳᠡᠭᠡᠨ ᠦᠪᠡᠷ ᠤᠨ ᠭᠢᠨᠢ ᠣᠷᠠᠯᠢᠭ ᠤᠨ ᠦᠨᠦᠷ ᠠᠮᠳᠠ ᠬᠠᠩᠬᠤᠯᠤᠮ᠎ᠠ ᠪᠠᠢ᠌ᠳᠠᠭ ᠠᠵᠠᠢ᠃) ᠣᠢ᠌ᠷᠠᠤᠨ ᠮᠤᠩᠭ᠋ᠤᠯ ᠤᠨ ᠳᠦᠷᠦᠰᠦᠯᠡᠭᠦ ᠣᠷᠠᠯᠢᠭ ᠤᠨ ᠦᠪ ᠶᠢ ᠣᠷᠴᠢᠨ ᠦᠶ᠎ᠡ ᠶᠢᠨ ᠣᠷᠠᠯᠢᠭᠴᠢᠳ ᠣᠯᠠᠮᠵᠢᠯᠠᠨ ᠭᠦᠭ᠍ᠵᠢᠭᠦᠯᠵᠤ ᠪᠣᠢ᠃

ᠳᠤᠰ ᠣᠯᠤᠰ ᠤᠨ ᠨᠤᠳᠤᠭ ᠲᠤ ᠡᠷᠳᠡᠨ ᠤ ᠬᠠᠳᠠᠨ ᠤ ᠰᠥᠭ᠌ ᠪᠢᠴᠢᠭ᠌᠂ ᠭᠢᠷᠭᠢᠰ ᠤᠨ ᠣᠩᠭ᠋ᠤᠳ ᠤᠨ ᠪᠠᠭᠤᠷᠢ ᠣᠯᠠᠨ ᠪᠠᠢ᠌ᠳᠠᠭ ᠪᠦᠭᠡᠤᠨ ᠳᠡᠭᠦᠨ ᠡᠴᠡ ᠠᠯᠳᠠ᠂ ᠮᠥᠩᠭᠦᠨ ᠡᠳ᠋ᠯᠡᠯ᠂ ᠬᠤᠪᠴᠠᠰᠤ ᠬᠤᠨᠠᠷ᠂ ᠭᠡᠷ ᠤᠨ ᠳᠠᠪᠢᠯᠭ᠎ᠠ ᠵᠡᠷᠭᠡ ᠭᠠᠷ ᠣᠷᠠᠯᠢᠭ ᠤᠨ ᠪᠦᠳᠦᠭᠡᠯ ᠤᠳ ᠣᠯᠳᠠᠭᠰᠠᠨ ᠨᠢ ᠮᠤᠩᠭ᠋ᠤᠯ ᠰᠤᠳᠤᠯᠤᠯ ᠳᠤ ᠴᠢᠬᠤᠯᠠ ᠠᠴᠢ ᠬᠤᠯᠪᠣᠭᠳᠠᠯ ᠲᠡᠶ ᠶᠤᠮ᠃


ᠳᠠᠢ᠌ᠯᠪᠣᠷᠢ

[1]᠂ ᠡᠷᠳᠡᠮ ᠰᠢᠡᠵᠢᠯᠡᠭᠡᠨ ᠤ ᠳᠡᠷᠢᠭᠦᠯᠡᠭᠦ ᠠᠵᠢᠯᠳᠠᠨ᠂ ᠭᠦᠨ ᠣᠬᠠᠭᠠᠨ ᠤ ᠳ᠋ᠤᠺᠲ᠋ᠤᠷ ᠠ᠊·ᠨᠢᠮ᠎ᠠ ᠶᠢᠨ ᠪᠦᠳᠦᠭᠡᠯ ᠡᠴᠡ ᠳᠤᠪᠴᠢᠯᠠᠨ ᠪᠠᠭᠤᠯᠭᠠᠪᠠ᠃

[2]᠂ ᠭᠦᠯᠤᠨ ᠪᠣᠢ᠌ᠷ ᠥᠭᠡᠯᠡᠳ ᠤᠨ ᠰᠢᠨ᠎ᠠ ᠥᠭᠡᠯᠡᠳ ᠤᠨ ᠨᠢᠭᠡ ᠭᠡᠰᠡᠭ᠌ ᠨᠢ 1755 ᠣᠨ ᠳᠤ ᠣᠳᠤ ᠶᠢᠨ ᠪᠦᠭᠦᠳᠡ ᠨᠠᠢ᠌ᠷᠠᠮᠳᠠᠬᠤ ᠠᠯᠳᠠᠢ ᠣᠯᠤᠰ ᠡᠴᠡ ᠴᠥᠯᠡᠭ᠍ᠳᠡᠨ ᠢᠷᠡᠭ᠍ᠰᠡᠨ ᠭᠦᠮᠦᠰ ᠪᠠᠢ᠌ᠨ᠎ᠠ᠃ ᠳᠠᠳᠠ ᠪᠣᠯ᠂ ᠦᠨᠳᠦᠰᠦᠳᠠᠨ ᠤ ᠪᠠᠭᠠᠳᠤᠷ ᠠᠮᠤᠷᠰᠠᠨᠠᠭ᠎ᠠ ᠬᠠᠭᠠᠨ ᠤ ᠳᠠᠭᠠᠭᠤᠯᠠᠭ᠎ᠠ ᠪᠠᠷ ᠡᠭᠡ ᠣᠷᠤᠨ᠂ ᠦᠨᠳᠦᠰᠦᠳᠠᠨ ᠤ ᠡᠷᠭᠡ ᠮᠠᠳᠠᠯ ᠤᠨ ᠳᠦᠯᠦᠭᠡ᠂ ᠮᠠᠠᠵᠤ ᠴᠢᠩ ᠤᠨ ᠡᠰᠡᠷᠭᠦᠤ ᠪᠣᠰᠤᠯᠴᠠᠨ ᠳᠡᠮᠡᠴᠡᠭ᠍ᠰᠡᠨ ᠵᠡᠭᠦᠡᠭᠠᠷ ᠬᠠᠭᠠᠠᠳᠤ ᠣᠯᠤᠰ ᠤᠨ ᠴᠡᠷᠢᠭ᠌ ᠠᠷᠠᠤᠨ ᠪᠣᠯᠬᠤ ᠪᠢᠯᠠ᠃ ᠳᠠᠳᠠᠨ ᠤ ᠳᠠᠭᠤᠯᠠᠬᠤ ᠳᠠᠭᠤᠤ᠂ ᠭᠦᠮᠡᠢ᠌ᠯᠡᠭᠦ ᠨᠢ ᠠᠯᠳᠠᠢ ᠣᠢ᠌ᠷᠠᠤᠨ ᠤᠳ ᠲᠡᠶ ᠪᠠᠨ ᠠᠳᠠᠯᠢᠬᠠᠨ ᠪᠠᠢ᠌ᠳᠠᠭ ᠰᠠᠨ᠃ 《ᠴᠠᠰᠤᠳᠤ ᠴᠠᠩ ᠤᠨ ᠣᠷᠤᠢ ᠳᠡᠭᠡᠷ᠎ᠡ ᠴᠠᠰᠤᠨ ᠴᠠᠭᠠᠨ ᠪᠠᠢ᠌ᠯᠤᠤᠷ᠂ ᠴᠠᠭᠠᠨ ᠰᠦ᠋ ᠪᠠᠨ ᠰᠢᠮᠡᠭᠦᠯᠦᠭ᠍ᠰᠡᠨ᠂ ᠴᠠᠯ ᠪᠣᠭᠤᠷᠤᠯ ᠡᠵᠢ ᠮᠢᠨᠢ ᠁》 ᠭᠡᠵᠤ ᠭᠦᠯᠤᠨ ᠪᠣᠢ᠌ᠷ ᠥᠭᠡᠯᠡᠳ ᠤᠳ ᠣᠳᠤ ᠪᠣᠯᠳᠠᠯ᠎ᠠ ᠳᠠᠭᠤᠯᠭᠰᠠᠭᠠᠷ᠃


ᠵᠤᠬᠢᠶᠠᠭᠴᠢ᠄ ᠲ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7521
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ