ᠨᠡᠪᠲᠡᠷᠡᠨ ᠤᠷᠤᠬᠤ
ᠪᠠᠭᠰᠢ ᠭᠦᠮᠤᠨ

ᠪᠠᠭᠰᠢ ᠭᠦᠮᠤᠨ ᠭᠡᠵᠤ

ᠣᠶᠠᠷᠠᠵᠤ ᠨᠤᠴᠤᠳᠠᠭ ᠯᠠ ᠭᠡᠨ᠎ᠡ᠂

ᠥᠷᠦᠭ᠍ᠳᠡᠨ ᠪᠠᠷᠠᠭᠳᠠᠬᠤ ᠣᠸ᠎ᠠ ᠶᠢᠨ ᠪᠢᠷ ᠭᠡᠨ᠎ᠡ᠂

ᠡᠪᠦᠯ ᠢ ᠳᠤᠯᠠᠭᠠᠯᠠᠳᠠᠭ ᠨᠡᠭᠦᠷᠡᠰᠤ ᠭᠡᠨ᠎ᠡ᠂

ᠦᠳᠡᠰᠢ ᠪᠠᠷ ᠭᠡᠷᠡᠯᠳᠦᠳᠡᠭ᠌ ᠴᠠᠮᠬᠠᠭ ᠭᠡᠨ᠎ᠡ᠃

ᠦᠨᠡᠨ ᠳᠡᠭᠡᠨ ᠳᠠᠳᠠ ᠪᠣᠯ ᠡᠭᠡᠯ ᠵᠢᠷ ᠤᠨ ᠭᠦᠮᠤᠨ ᠶᠤᠮ᠃

ᠥᠭᠡᠷ᠎ᠡ ᠶᠠᠭᠤ ᠪᠠᠷ ᠴᠤ ᠵᠥᠢᠷᠯᠡᠭ᠍ᠰᠡᠨ ᠴᠤ ᠳᠤᠳᠠᠭᠤᠳᠠᠨ᠎ᠠ ᠡ︕

ᠪᠠᠭᠰᠢ ᠭᠦᠮᠤᠨ ᠭᠡᠵᠤ

ᠪᠠᠶᠠᠷᠯᠠᠬᠤ ᠳᠠᠭᠠᠨ ᠬᠡᠦᠬᠡᠳ ᠪᠣᠯᠵᠤ ᠳᠡᠪᠭᠡᠷᠡᠴᠢᠭᠡᠳᠡᠭ᠌᠂

ᠭᠤᠮᠤᠳᠠᠬᠤ ᠳᠠᠭᠠᠨ ᠡᠮᠡᠭᠡᠳ ᠪᠣᠯᠵᠤ ᠣᠭᠢᠯᠠᠴᠢᠬᠠᠳᠠᠭ᠂

ᠵᠤᠪᠠᠬᠤ ᠲᠠᠭᠠᠨ ᠡᠪᠦᠭᠡᠳ ᠪᠣᠯᠵᠤ ᠰᠡᠭᠦᠷᠡᠰᠦᠯᠡᠴᠢᠭᠡᠳᠡᠭ᠌᠂

ᠵᠤᠷᠢᠭᠰᠠᠨ ᠳᠠᠭᠠᠨ ᠥᠭᠡ ᠳᠠᠭᠤ ᠦᠭᠡᠶ ᠯᠠ ᠵᠢᠦᠡᠭᠦᠳᠡᠭ᠌᠃

ᠦᠨᠡᠨ ᠳᠡᠭᠡᠨ ᠳᠠᠳᠠ ᠪᠣᠯ ᠡᠭᠡᠯ ᠵᠢᠷ ᠤᠨ ᠭᠦᠮᠤᠨ ᠶᠤᠮ᠃

ᠦᠷᠦᠪᠴᠢᠨ ᠴᠠᠭᠠᠨ ᠰᠡᠳᠭᠢᠯᠳᠠᠤᠨ ᠶᠤᠮ︕

ᠪᠠᠭᠰᠢ ᠭᠦᠮᠤᠨ ᠭᠡᠵᠤ

ᠬᠠᠢ᠌ᠷ᠎ᠠ ᠨᠢ ᠥᠷᠭᠡᠨ ᠳᠡᠯᠡᠭᠡᠢ ᠪᠠᠨ ᠪᠠᠭᠯᠠᠴᠢᠬᠠᠳᠠᠭ᠂

ᠰᠤᠷᠭᠠᠯ ᠨᠢ ᠥᠭ᠍‍ᠭᠢᠶᠡᠮᠦᠷ ᠬᠤᠷ᠎ᠠ ᠰᠢᠭ ᠰᠢᠪᠠᠷᠡᠴᠢᠭᠡᠳᠡᠭ᠌᠂

ᠵᠢᠦᠡᠭᠦᠯ ᠶᠢᠡᠨ ᠶᠡᠭᠡ ᠭᠡᠵᠤ ᠥᠨᠡᠷᠭᠡᠳᠡᠭ᠌ ᠦᠭᠡᠶ ᠵᠠᠩ︕

ᠬᠠᠷᠠᠮᠵᠢ ᠪᠠᠨ ᠪᠠᠭ᠎ᠠ ᠭᠡᠵᠤ ᠴᠢᠮᠠᠯᠠᠳᠠᠭ ᠦᠭᠡᠶ ᠠᠷᠠᠠᠰᠢᠨ︕

ᠦᠨᠡᠨ ᠳᠡᠭᠡᠨ ᠳᠠᠳᠠ ᠪᠣᠯ ᠡᠭᠡᠯ ᠵᠢᠷ ᠤᠨ ᠭᠦᠮᠤᠨ ᠶᠤᠮ᠂

ᠣᠢ᠌ᠯᠠᠰ ᠲᠤ ᠭᠦᠳᠦᠯᠦᠭ᠍ᠰᠡᠨ ᠵᠠᠮᠴᠢ ᠶᠤᠮ᠃

ᠪᠠᠭᠰᠢ ᠭᠦᠮᠤᠨ ᠭᠡᠵᠤ

ᠥᠴᠦᠭᠡᠳᠦᠷ ᠢ ᠡᠷᠢᠭᠦ ᠳᠤᠯᠢ ᠪᠢᠴᠢᠭ᠌ ᠮᠦᠨ᠂

ᠦᠨᠦᠳᠤᠷ ᠢ ᠵᠢᠷᠤᠬᠤ ᠠᠮᠢᠳᠤ ᠮᠤᠲ᠋ᠸᠯ ᠮᠦᠨ᠂

ᠮᠠᠷᠭᠠᠰᠢ ᠶᠢ ᠪᠠᠷᠠᠯᠠᠬᠤ ᠠᠯᠤᠰ ᠳᠤᠷᠠᠨ ᠮᠦᠨ᠂

ᠮᠢᠨᠤ ᠪᠢᠴᠢᠳᠡᠭ᠌ ᠦᠨᠡᠨ ᠰᠢᠯᠦᠭ᠌ ᠪᠢᠯᠠ︕

ᠦᠨᠡᠨ ᠳᠡᠭᠡᠨ ᠳᠠᠳᠠ ᠪᠣᠯ ᠡᠭᠡᠯ ᠵᠢᠷ ᠤᠨ ᠭᠦᠮᠤᠨ ᠶᠤᠮ᠂

ᠡᠷᠡᠨ ᠳᠡᠦᠭᠡ ᠶᠢᠨ ᠨᠠᠷᠠ ᠯᠠ ᠶᠤᠮ︕

ᠵᠤᠬᠢᠶᠠᠭᠴᠢ᠄ ᠪᠦᠷᠢᠠᠳᠤᠩᠭ᠋ᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3542
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ