ᠨᠡᠪᠲᠡᠷᠡᠨ ᠤᠷᠤᠬᠤ
ᠴᠢᠨᠤ ᠳᠤᠬᠠᠢ ᠰᠢᠯᠦᠭ᠌ ᠪᠢᠴᠢᠯ᠎ᠠ

ᠦᠣᠷ ᠴᠠᠢ᠌ᠬᠤ ᠪᠠᠷ ᠵᠡᠭᠦᠳᠤ ᠮᠠᠨᠠᠵᠤ

ᠠᠮᠠᠷᠠᠭ ᠴᠢᠨᠤ ᠬᠠᠢ᠌ᠷ᠎ᠠ ᠶᠢᠨ ᠳᠤᠬᠠᠢ

ᠣᠷᠤᠨ ᠳᠤᠳᠤᠷ᠎ᠠ ᠪᠠᠨ ᠦᠨᠳᠠᠢ᠌ᠵᠤ ᠰᠠᠭᠤᠨ

ᠡᠪᠦᠷᠯᠡᠵᠤ ᠣᠠᠳᠠᠭᠰᠠᠨ ᠦᠯᠢᠭᠡᠷ ᠤᠨ ᠳᠤᠬᠠᠢ

                ᠰᠢᠯᠦᠭ᠌ ᠪᠢᠴᠢᠯ᠎ᠠ

ᠣᠳᠤᠷ ᠤᠨ ᠮᠠᠢ᠌ᠬᠠᠨ ᠳᠠᠭᠠᠨ ᠭᠠᠯ ᠶᠢᠡᠨ ᠮᠠᠨᠠᠵᠤ

ᠥᠭᠡᠷ ᠤᠨ ᠮᠢᠬ᠎ᠠ ᠴᠢᠨᠠᠨ ᠴᠠᠢ ᠪᠠᠨ ᠠᠶᠠᠭᠠᠯᠠᠵᠤ

ᠥᠮᠴᠢᠷᠭᠡᠨ ᠵᠠᠩ ᠲᠡᠶ ᠴᠢᠮ᠎ᠠ ᠪᠠᠨ

ᠦᠨᠡᠨ ᠤ ᠬᠠᠢ᠌ᠷ᠎ᠠ ᠪᠠᠷ ᠮᠦᠷᠦᠭᠡᠳᠦᠵᠤ

                ᠰᠢᠯᠦᠭ᠌ ᠪᠢᠴᠢᠯ᠎ᠠ

ᠰᠦᠷᠦᠭ᠌ ᠡᠴᠠ ᠥᠭᠡᠷ᠎ᠡ ᠪᠠᠷᠠᠩ ᠥᠭᠡᠢ

ᠰᠡᠭᠦᠳᠡᠷ ᠡᠴᠠ ᠥᠭᠡᠷ᠎ᠡ ᠬᠠᠨᠢ ᠦᠭᠡᠶ ᠶᠠᠪᠣᠬᠤ ᠳ᠋ᠠᠭᠠᠨ

ᠰᠡᠳᠭᠢᠯ ᠤᠨ ᠬᠠᠢ᠌ᠷᠠᠳᠠᠢ ᠴᠢᠮ᠎ᠠ ᠪᠠᠨ

ᠰᠠᠨᠠᠨ ᠰᠠᠨᠠᠨ ᠳᠤᠷᠠᠰᠴᠤ ᠰᠠᠭᠤᠨ

                ᠰᠢᠯᠦᠭ᠌ ᠪᠢᠴᠢᠯ᠎ᠠ

ᠡᠭᠦᠯᠡᠨ ᠨᠡᠭᠦᠳᠡᠯ ᠤᠨ ᠵᠤᠯᠭᠠᠯᠳᠠ ᠭᠦᠰᠡᠵᠤ

ᠢᠳᠡᠭᠡᠯ ᠤᠨ ᠳᠠᠩᠭ᠋ᠠᠷᠢᠭ ᠲᠡᠶ ᠭᠦᠰᠡᠯ ᠵᠢᠠᠷ

ᠡᠭᠦᠯᠡ ᠲᠡᠶ ᠡᠳᠦᠷ ᠤᠨ ᠪᠠᠷ᠎ᠠ ᠬᠠᠷᠠᠵᠤ

ᠦᠨᠦᠴᠢᠨ ᠬᠠᠢ᠌ᠷ᠎ᠠ ᠶᠢᠨ ᠳᠤᠷᠠᠰᠤᠯ ᠭᠦᠯᠢᠶᠡᠨ

                ᠰᠢᠯᠦᠭ᠌ ᠪᠢᠴᠢᠯ᠎ᠠ

ᠣᠳᠤᠷ ᠠᠶᠠᠯᠠᠭᠰᠠᠨ ᠭᠠᠭᠴᠠᠭᠠᠷᠳᠠᠯ ᠵᠢᠠᠨ

ᠭᠠᠩᠭ᠋ᠠᠨᠠᠬᠤ ᠨᠤᠬᠠᠢ ᠶᠢᠨ ᠳᠠᠭᠤ ᠪᠠᠷ ᠳᠠᠢ᠌ᠪᠣᠰᠢᠷᠠᠭᠤᠯᠵᠤ

ᠣᠯᠠᠨ ᠤ ᠰᠡᠳᠭᠢᠯ ᠢ ᠭᠦᠳᠡᠯᠭᠡᠵᠤ ᠶᠠᠪᠣᠭᠰᠠᠨ ᠴᠢᠮ᠎ᠠ ᠪᠠᠨ

ᠭᠠᠢ᠌ᠬᠠᠵᠤ ᠪᠠᠬᠠᠷᠬᠠᠨ ᠮᠦᠷᠦᠭᠡᠳᠦᠭ᠍ᠰᠡᠭᠡᠷ

                ᠰᠢᠯᠦᠭ᠌ ᠪᠢᠴᠢᠯ᠎ᠠ

ᠬᠠᠴᠢᠨ ᠰᠤᠨᠢᠨ ᠵᠡᠭᠦᠳᠤᠨ ᠡᠴᠠ ᠪᠠᠨ

ᠬᠠᠷ᠎ᠠ ᠳᠠᠷᠤᠵᠤ ᠰᠡᠷᠡᠴᠢᠭᠡᠭᠡᠳ

ᠬᠠᠷᠠᠩᠭ᠋ᠤᠢ ᠰᠦᠨᠢ ᠪᠠᠷ ᠯᠠ ᠪᠠᠨ ᠨᠤᠴᠤᠭᠠᠵᠤ

ᠬᠠᠢ᠌ᠷ᠎ᠠ ᠤᠨ ᠳᠤᠬᠠᠢ ᠪᠣᠳᠤᠯᠭᠠᠰᠢᠷᠠᠨ

                ᠰᠢᠯᠦᠭ᠌ ᠪᠢᠴᠢᠯ᠎ᠠ

ᠬᠤᠩᠭ᠋ᠤᠷ ᠴᠢᠨᠤ ᠪᠠᠯᠡᠭᠯᠡᠭ᠍ᠰᠡᠨ ᠰᠡᠭᠦᠳᠡᠷ ᠢ

ᠬᠠᠷᠮᠠᠨ ᠡᠴᠠ ᠪᠠᠨ ᠰᠤᠭᠤᠯᠤᠨ ᠠᠪᠴᠤ

ᠬᠠᠨᠤᠰᠢ ᠦᠭᠡᠶ ᠬᠠᠢ᠌ᠷ᠎ᠠ ᠶᠢᠨ ᠬᠠᠷᠠᠴᠠ ᠪᠠᠷ ᠰᠢᠷᠳᠠᠨ

《ᠬᠠᠢ᠌ᠷᠠᠳᠠᠢ》 ᠭᠡᠳᠡᠭ᠌ ᠥᠭᠡ ᠪᠠᠨ ᠰᠢᠪᠠᠨᠠᠨ ᠪᠠᠢ᠌ᠵᠤ

                ᠰᠢᠯᠦᠭ᠌ ᠪᠢᠴᠢᠯ᠎ᠠ


ᠵᠤᠬᠢᠶᠠᠭᠴᠢ ᠶᠢᠨ ᠬᠠᠶ‍ᠢᠭ᠄ ᠬᠦᠬᠡ‍ᠨᠠᠭᠤᠷ ᠮᠤᠵᠢ ᠶᠢᠨ ᠳᠤᠯᠠᠭᠠᠨ ᠰᠢᠶᠠᠨ ᠤ ᠨᠤᠮᠤᠬᠠᠨ ᠳᠤᠰᠬᠤᠨ

ᠵᠤᠬᠢᠶᠠᠭᠴᠢ᠄ ᠳ·ᠪᠦᠷᠢᠠᠴᠤᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2654
ᠴᠠᠭ᠄ 2010 ᠤᠨ ᠤ 09 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ