☆ ᠳᠤᠷᠵᠢ
ᠳᠠᠩᠭ᠋ᠠᠷᠢᠭ
ᠭᠠᠩᠨᠠᠵᠤ ᠪᠠᠳᠤᠯᠠᠭᠰᠠᠨ ᠭᠠᠷᠬ᠎ᠠ
ᠭᠠᠵᠠᠷ ᠲᠤ ᠰᠢᠩᠭᠡᠳᠡᠭ᠌ ᠦᠭᠡᠶ ᠭᠤᠷᠤᠬ᠎ᠠ
ᠭᠠᠮᠨᠠᠵᠤ ᠡᠳᠡᠭᠡᠳᠡᠭ᠌ ᠰᠢᠷᠬ᠎ᠠ
ᠭᠠᠭᠴᠠ ᠪᠠᠷ ᠶᠠᠪᠣᠭᠤᠯᠳᠠᠭ ᠦᠭᠡᠶ ᠣᠷᠬ᠎ᠠ
ᠬᠤᠪᠳᠤᠯ ᠬᠤᠵᠢᠷᠯᠠᠳᠠᠭ ᠮᠠᠷᠴᠠ
ᠬᠤᠷᠠᠵᠤ ᠴᠤᠭᠯᠠᠷᠠᠳᠠᠭ ᠣᠷᠤᠴᠠ
ᠬᠤᠪᠢᠷᠠᠳᠠᠭ ᠦᠭᠡᠶ ᠬᠠᠳᠠᠭᠤ ᠪᠠᠷᠢᠴᠠ
ᠬᠤᠵᠢᠮ ᠬᠣᠢ᠌ᠰᠢᠳᠠ ᠶᠢᠨ ᠬᠠᠷᠠᠴᠠ
ᠭᠠᠷ ᠰᠠᠯᠪᠠᠯ ᠭᠠᠩᠰᠠᠷᠠᠳᠠᠭ
ᠭᠠᠯᠠᠪ ᠤᠨ ᠪᠠᠳᠤᠶᠤᠰᠤ
ᠳᠡᠭ᠍ᠷᠢ ᠢᠪᠠᠭᠡᠯ ᠲᠡᠶ ᠠᠠᠳᠠᠭᠠᠷ
ᠳᠠᠩᠭ᠋ᠠᠷᠢᠭ ᠭᠡᠳᠡᠭ᠌ ᠰᠠᠢ᠌ᠬᠠᠨ
ᠵᠤᠬᠢᠶᠠᠭᠴᠢ ᠶᠢᠨ ᠬᠠᠶᠢᠭ᠄ ᠰᠢᠠᠵᠢᠶᠠᠩ ᠬᠤᠪᠣᠭᠰᠠᠢ᠌ᠷᠢ ᠳᠡᠪᠡᠭᠡᠨ ᠣᠰᠤᠨ
ᠵᠤᠬᠢᠶᠠᠭᠴᠢ᠄ ᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2629
ᠴᠠᠭ᠄ 2010 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ