ᠨᠡᠪᠲᠡᠷᠡᠨ ᠤᠷᠤᠬᠤ
ᠭᠠᠯᠠᠭᠤᠳ ᠢᠷᠠᠯ᠎ᠠ

ᠭᠠᠯᠠᠭᠤᠳ ᠳᠠᠭᠢᠭᠠᠤᠨ ᠢᠷᠠᠪᠠ

ᠭᠠᠵᠠᠷ ᠶᠢᠡᠨ ᠳᠠᠨᠢᠬᠤ ᠦᠭᠡᠶ ᠡᠷᠭᠢᠪᠡ

ᠭᠠᠰᠢᠭᠤᠨ ᠣᠳᠤᠭᠠᠨ ᠳᠤ ᠬᠠᠬᠠᠪᠠ

ᠭᠠᠯᠵᠠᠭᠤ ᠰᠢᠭᠤᠷᠭᠠᠨ ᠳᠤ ᠳᠦᠭᠡᠷᠢᠪᠡ

ᠭᠠᠳᠠᠨ᠎ᠠ ᠪᠠᠨ ᠮᠠᠯ ᠦᠭᠡᠶ ᠠᠢ᠌ᠯ

ᠭᠠᠬᠠᠢ ᠰᠢᠭ ᠭᠦᠮᠤᠨ ᠰᠥᠷᠦᠭ᠌

ᠮᠤᠷᠢ ᠦᠭᠡᠶ ᠬᠤᠭᠤᠰᠤᠨ ᠱᠤᠩ

ᠮᠤᠳᠤ ᠦᠭᠡᠶ ᠬᠤᠵᠢᠭᠢᠷ ᠠᠭᠤᠯᠠ

ᠮᠠᠰᠢᠨ ᠠᠠᠵᠢᠰᠤ

ᠮᠠᠭᠢᠷ ᠳᠠᠮᠤᠷ

ᠮᠤᠷᠤᠢ ᠪᠠᠭᠠᠵᠢ

ᠮᠤᠰᠭᠢᠭᠰᠠᠨ ᠳᠤᠤᠷ

ᠭᠦᠷᠳᠦᠳᠤ ᠳᠡᠷᠭᠡ

ᠭᠦᠮᠦᠷᠭᠡ ᠰᠠᠩ

ᠭᠦᠯᠦᠪᠦᠷᠢ ᠳᠠᠭᠤᠪᠣᠷᠢ

ᠭᠦᠳᠦᠯᠦᠭᠡ ᠴᠥᠷᠭᠦᠯᠡᠭᠡ

ᠵᠠᠳᠠᠭᠠᠢ ᠳᠡᠯᠭᠡᠭᠦᠷ

ᠵᠠᠬ᠎ᠠ ᠶᠢᠨ ᠶᠠᠭᠠᠷᠮᠠᠭ

ᠯᠤᠩᠬᠤ ᠣᠭᠤᠳᠠ

ᠯᠠᠵᠠ ᠬᠠᠢ᠌ᠷᠴᠠᠭ

ᠬᠠᠳᠠᠭᠰᠠᠨ ᠭᠤᠤᠯ

ᠬᠠᠭᠤᠷᠠᠢ ᠨᠠᠭᠤᠷ

ᠣᠩᠭ᠋ᠣᠢ᠌ᠭᠰᠠᠨ ᠨᠥᠭᠡ

ᠳᠤᠩᠭ᠋ᠣᠢ᠌ᠭᠰᠠᠨ ᠡᠷᠭᠢ

ᠶᠠᠷ᠎ᠠ ᠰᠢᠭ ᠠᠭᠤᠷᠬᠠᠢ

ᠰᠢᠷᠬ᠎ᠠ ᠰᠢᠭ ᠳᠠᠷᠢᠶ᠎ᠠ


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠣᠩᠨᠢᠭᠤᠳ

ᠵᠤᠬᠢᠶᠠᠭᠴᠢ᠄ ᠭᠦᠭᠡᠪᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2009 ᠤᠨ ᠤ 12 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ