☆ ᠳᠤᠪᠯᠨ
ᠨᠢ᠋ᠮᠠᠨ ᠰᠢᠷᠭ᠎ᠠ
ᠨᠢ᠋ᠮᠠᠨ ᠰᠢᠷᠭ᠎ᠠ ᠶᠢᠨ
ᠨᠠᠮᠤᠷᠵᠢᠩ ᠳᠤ
ᠳᠡᠯᠡᠭᠡᠢ ᠦᠷᠠᠯᠠᠵᠤ ᠵᠢᠮᠢᠰᠯᠡᠭᠡᠤᠨ
ᠨᠢᠭᠡ ᠵᠢᠷᠮᠦᠰᠦᠯᠡᠭ᠍ᠰᠡᠨ ᠶᠤᠮ
ᠨᠢ᠋ᠮᠠᠨ ᠰᠢᠷᠭ᠎ᠠ ᠶᠢᠨ
ᠲ᠋ᠠᠯᠠᠨ ᠳᠡᠭᠡᠷ᠎ᠡ
ᠳᠡᠭ᠍ᠷᠢ ᠡᠭᠦᠯᠡᠰᠢᠵᠤ ᠪᠣᠷᠤᠭᠠᠯᠠᠭᠠᠤᠨ
ᠨᠢᠭᠡ ᠭᠡᠭᠡᠷᠡᠭ᠍ᠰᠡᠨ ᠶᠤᠮ
ᠨᠢ᠋ᠮᠠᠨ ᠰᠢᠷᠭ᠎ᠠ ᠶᠢᠨ
ᠨᠢᠷᠤᠭᠤᠨ ᠳᠡᠭᠡᠷᠡᠭᠢ
ᠮᠥᠩᠭᠦᠨ ᠡᠮᠡᠭᠡᠯ ᠤᠨ
ᠪᠦᠭᠦᠷᠭᠡᠨ ᠵᠠᠪᠰᠠᠷ
ᠨᠠᠷᠠ ᠨᠢᠭᠡ
ᠥᠡᠵᠢᠭᠡᠤᠨ ᠭᠠᠷᠤᠭᠰᠠᠨ
ᠰᠠᠷ᠎ᠠ ᠨᠢᠭᠡ
ᠬᠤᠨᠤᠭᠠᠤᠨ ᠮᠤᠷᠳᠠᠭᠰᠠᠨ
ᠨᠢ᠋ᠮᠠᠨ ᠰᠢᠷᠭ᠎ᠠ ᠶᠢᠨ
ᠬᠠᠯᠠᠭᠤᠨ ᠠᠮᠢᠰᠬᠤᠭᠠᠨ ᠳᠤ
ᠮᠤᠩᠭ᠋ᠤᠯ ᠭᠦᠮᠤᠨ ᠭᠦᠯᠦᠷᠡᠵᠤ
ᠨᠢᠭᠡ ᠳᠤᠯᠠᠭᠠᠴᠠᠭᠰᠠᠨ
ᠨᠢ᠋ᠮᠠᠨ ᠰᠢᠷᠭ᠎ᠠ ᠶᠢᠨ
ᠬᠠᠳᠠᠷᠢᠭᠠᠨ ᠳᠤ
ᠮᠤᠩᠭ᠋ᠤᠯ ᠡᠷ᠎ᠡ ᠳᠠᠮᠢᠷᠵᠢᠵᠤ
ᠨᠢᠭᠡ ᠭᠦᠴᠦᠷᠭᠡᠭ᠍ᠵᠢᠭ᠍ᠰᠡᠨ
ᠨᠢ᠋ᠮᠠᠨ ᠰᠢᠷᠭ᠎ᠠ ᠶᠢᠨ
ᠥᠤᠷᠰᠡᠭᠡᠨ ᠳᠤ
ᠭᠦᠪᠴᠢᠨ ᠬᠤᠷᠸ᠎ᠠ
ᠣᠶᠠᠷᠠᠵᠤ ᠨᠢᠭᠡ ᠰᠤᠭᠳᠤᠭᠤᠷᠤᠭᠰᠠᠨ
ᠨᠢ᠋ᠮᠠᠨ ᠰᠢᠷᠭ᠎ᠠ ᠶᠢᠨ
ᠳᠦᠷᠪᠠᠭᠡᠨ ᠳᠤ
ᠭᠦᠭᠡ ᠮᠥᠩᠭᠦᠨ ᠣᠭᠳᠠᠷᠭᠤᠢ
ᠥᠷᠭᠦᠵᠤ ᠨᠢᠭᠡ ᠰᠤᠴᠢᠭᠰᠠᠨ ᠶᠤᠮ
ᠨᠢ᠋ᠮᠠᠨ ᠰᠢᠷᠭ᠎ᠠ ᠶᠢᠨ
ᠴᠠᠪᠴᠢᠯᠠᠭᠰᠠᠨ ᠳᠦᠷᠪᠡᠨ ᠳᠤᠭᠤᠷᠠᠢ
ᠨᠡᠭᠦᠳᠡᠯᠴᠢᠨ ᠠᠮᠢᠳᠤᠷᠠᠯ ᠤᠨ ᠵᠠᠮ ᠳᠤ
ᠴᠠᠭᠢᠯᠵᠤ ᠨᠢᠭᠡ ᠰᠤᠯᠤᠩᠭ᠋ᠠᠷᠠᠭᠰᠠᠨ ᠶᠤᠮ
ᠨᠢ᠋ᠮᠠᠨ ᠰᠢᠷᠭ᠎ᠠ ᠶᠢᠨ
ᠭᠦᠶᠦᠳᠡᠯ ᠡᠴᠡ ᠪᠣᠰᠤᠭᠰᠠᠨ ᠳᠤᠭᠤᠰᠤᠨ ᠳᠤ
ᠢᠰᠡᠭᠡᠢ ᠳᠤᠭᠤᠷᠭᠠᠳᠠᠨ ᠤ
ᠪᠢᠳᠡᠭᠦᠤ ᠭᠤᠨᠢᠭ
ᠢᠪᠠᠷᠠᠵᠤ ᠨᠢᠭᠡ ᠠᠶᠤᠩᠭ᠋ᠠᠷᠠᠭᠰᠠᠨ
ᠨᠢ᠋ᠮᠠᠨ ᠰᠢᠷᠭ᠎ᠠ ᠶᠢᠨ
ᠡᠮᠡᠭᠡᠯ ᠣᠳᠤ
ᠡᠵᠡᠨ ᠶᠢᠡᠨ ᠥᠭᠡᠢ᠌ᠯᠡᠭᠡᠤᠨ
ᠡᠯᠦᠢ ᠬᠤᠯᠤᠢ
ᠨᠢ᠋ᠮᠠᠨ ᠰᠢᠷᠭ᠎ᠠ ᠶᠢᠨ
ᠡᠵᠡᠨ ᠢᠨᠤ
ᠡᠮᠡᠭᠡᠯ ᠡᠴᠡ ᠪᠠᠨ ᠭᠤᠯᠤᠭᠳᠠᠭᠠᠤᠨ
ᠡᠯᠡᠷ ᠪᠠᠯᠠᠷ ᠁᠁
ᠵᠤᠬᠢᠶᠠᠭᠴᠢ᠄ ᠳᠤᠪᠯᠨ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3388
ᠴᠠᠭ᠄ 2006 ᠤᠨ ᠤ 09 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ