ᠨᠡᠪᠲᠡᠷᠡᠨ ᠤᠷᠤᠬᠤ
ᠮᠤᠩᠭ᠋ᠤᠯᠴᠤᠳ ᠨᠡᠢ᠌ᠭᠡᠮ ᠤᠨ ᠭᠦᠭ᠍ᠵᠢᠯᠳᠡ ᠲᠡᠶ ᠵᠤᠭᠢᠴᠠᠯᠳᠤᠭᠰᠠᠨ ᠮᠤᠩᠭ᠋ᠤᠯ ᠣᠷᠴᠢᠨ ᠢ ᠪᠠᠢ᠌ᠭᠤᠯᠬᠤ ᠪᠠᠷ ᠴᠢᠷᠮᠠᠢ᠌ᠬᠤ ᠭᠡᠷᠡᠭ᠍ᠳᠡᠢ

ᠠᠷᠭᠠᠯ ᠤᠨ ᠣᠳᠤᠭ᠎ᠠ ᠪᠣᠷᠭᠢᠯᠤᠭᠰᠠᠨ

ᠮᠠᠯᠴᠢᠨ ᠤ ᠭᠡᠷ ᠲᠤ ᠳᠦᠷᠦᠭ᠍ᠰᠡᠨ ᠪᠢ

ᠠᠳᠠᠷ ᠭᠡᠭᠡᠷ᠎ᠡ ᠨᠤᠳᠤᠭ ᠵᠢᠠᠨ

ᠥᠯᠦᠭᠡᠢ ᠮᠢᠨᠢ ᠭᠡᠵᠤ ᠪᠣᠳᠤᠳᠠᠭ

ᠡᠨᠡ ᠭᠦᠮᠤᠨ ᠪᠣᠯ ᠮᠤᠩᠭ᠋ᠤᠯ ᠭᠦᠮᠤᠨ

ᠡᠭᠡ ᠣᠷᠤᠨ ᠳᠤ ᠪᠠᠨ ᠬᠠᠷᠢᠷᠠᠳᠠᠢ ᠭᠦᠮᠤᠨ

᠁ ᠁ ᠁ ᠁ ᠁

ᠮᠤᠩᠭ᠋ᠤᠯᠴᠤᠳ ᠵᠠᠪᠠᠯ ᠠᠷᠭᠠᠯ ᠤᠨ ᠣᠳᠤᠭ᠎ᠠ ᠪᠣᠷᠭᠢᠯᠤᠭᠰᠠᠨ ᠭᠡᠷ ᠲᠤ ᠰᠠᠭᠤᠨ᠂ ᠵᠠᠪᠠᠯ ᠮᠠᠯᠴᠢᠨ ᠠᠪᠣ ᠲᠡᠶ ᠪᠠᠢ᠌ᠵᠤ᠂ ᠠᠳᠤᠭᠤ ᠥᠭᠡᠷ ᠬᠤᠨᠢ ᠢᠮᠠᠭ᠎ᠠ᠂ ᠡᠪᠦᠯᠵᠢᠶ᠎ᠡ ᠬᠠᠪᠣᠷᠵᠢᠶ᠎ᠠ ᠵᠤᠰᠠᠯᠠᠩ ᠨᠠᠮᠤᠷᠵᠢᠶ᠎ᠠ ᠭᠡᠵᠤ ᠠᠮᠢᠳᠤᠷᠠᠵᠤ ᠯᠠ ᠪᠠᠢ᠌ᠪᠠᠯ ᠵᠢᠩᠭᠢᠨᠢ ᠮᠤᠩᠭ᠋ᠤᠯ ᠳᠤ ᠳᠤᠭᠠᠴᠠᠭᠳᠠᠬᠤ ᠶᠤᠮ ᠦᠦ ︖ ᠡᠰᠡᠭᠦᠯ᠎ᠡ ᠮᠤᠩᠭ᠋ᠤᠯ ᠨᠤᠳᠤᠭ ᠮᠢᠨᠢ ᠴᠡᠯᠡᠭᠡᠷᠰᠢᠭ᠍ᠰᠡᠨ᠂ ᠳᠦᠷᠦᠭᠡ ᠰᠢᠭᠦᠷᠡᠮ᠎ᠡ ᠰᠢᠮᠠᠳᠤ ᠡᠪᠠᠰᠤ ᠲᠡᠶ᠂ ᠠᠳᠤᠭᠤ ᠬᠤᠨᠢ ᠶᠢ ᠬᠤᠳᠤᠭᠤᠷ ᠶᠢᠡᠷ ᠭᠡᠮᠵᠢᠭ᠍ᠰᠡᠨ ᠳᠠᠷᠠᠭ ᠠᠢ᠌ᠷᠠᠭ ᠤᠨ ᠦᠨᠦᠷ ᠬᠠᠩᠬᠤᠯᠠᠭᠠᠳᠠᠢ 13 ᠳ᠋ᠤᠭᠠᠷ ᠵᠠᠭᠤᠨ ᠤ ᠮᠤᠩᠭ᠋ᠤᠯ ᠠᠮᠢᠳᠤᠷᠠᠯ ᠢ ᠭᠦᠰᠡᠭᠡ ᠶᠤᠮ ᠦᠦ ᠮᠤᠩᠭ᠋ᠤᠯᠴᠤᠳ ᠮᠢᠨᠢ ︕ ᠴᠠᠭ ᠴᠠᠭ ᠪᠠᠷ ᠪᠠᠢ᠌ᠳᠠᠭ ᠦᠭᠡᠶ ᠴᠠᠭᠢᠯᠳᠠᠭ ᠭᠦᠭᠡ ᠪᠠᠷ ᠪᠠᠢ᠌ᠳᠠᠭ ᠦᠭᠡᠶ ᠭᠡᠳᠡᠭ᠍ᠴᠢᠯᠡᠨ ᠣᠳᠤ ᠬᠠᠷᠢᠨ ᠣᠷᠤᠨ ᠵᠠᠢ ᠶᠢ ᠭᠡᠷᠡᠯ ᠶᠢᠡᠷ ᠭᠡᠮᠵᠢᠨ ᠣᠴᠢᠷ ᠶᠠᠪᠣᠳᠠᠯ ᠢ ᠴᠦᠮ᠎ᠡ ᠪᠠᠷ ᠰᠢ᠌ᠳᠪᠦᠷᠢᠯᠡᠳᠡᠭ᠌ 21 ᠳ᠋ᠤᠭᠡᠷ ᠵᠠᠭᠤᠨ ᠰᠢᠤ ᠮᠤᠩᠭ᠋ᠤᠯᠴᠤᠳ ᠮᠢᠨᠢ ︕

ᠥᠩᠭᠡᠷᠡᠭ᠍ᠰᠡᠨ ᠳᠤ ᠪᠢᠳᠠ ᠮᠤᠷᠢᠨ ᠳᠤᠭᠤᠷᠠᠢ ᠪᠠᠷ ᠳᠡᠯᠡᠭᠡᠢ ᠶᠢ ᠳᠤᠩᠰᠤᠯᠭᠠᠭᠰᠠᠨ᠂ ᠣᠳᠤ ᠮᠤᠷᠢᠨ ᠳᠤᠭᠤᠷᠠᠢ ᠡᠴᠠ ᠭᠡᠴᠡᠭᠦᠤ ᠶᠠᠭᠤᠮᠠᠰ ᠵᠦᠩᠳᠡᠭᠡᠨ ᠭᠠᠷᠤᠭᠠᠤᠨ ᠪᠠᠢ᠌ᠨ᠎ᠠ᠃

ᠮᠤᠩᠭ᠋ᠤᠯᠴᠤᠳ ᠭᠡᠭ᠍ᠰᠡᠭᠡᠷ ᠯᠠ ᠪᠢᠳᠠ ᠳᠠᠯ᠎ᠠ ᠨᠤᠳᠤᠭ ᠢ ᠯᠠ ᠰᠠᠨᠠᠳᠠᠭ ᠪᠣᠯᠪᠠᠴᠤ᠂ ᠦᠷᠭᠡᠨ ᠳᠠᠯᠠᠢ ᠳᠡᠯᠭᠡᠷ ᠮᠦᠷᠠᠨ ᠦᠨᠳᠦᠷ ᠠᠭᠤᠯᠠᠰ ᠰᠠᠬᠤᠯᠠᠭ ᠰᠢᠭᠣᠢ᠌ᠤᠨ ᠬᠠᠷᠢᠨ ᠮᠤᠩᠭ᠋ᠤᠯᠴᠤᠳ ᠢ ᠰᠠᠨᠠᠳᠠᠭ ᠰᠠᠨ᠃

ᠭᠦᠳᠡᠭᠡ ᠨᠤᠳᠤᠭ ᠰᠠᠷᠠᠭᠤᠯ ᠪᠣᠯᠪᠠᠴᠤ ᠭᠦᠰᠡᠯᠡᠭ᠌ ᠦᠭᠡᠶ ᠪᠣᠯ ᠬᠤᠪ ᠬᠤᠭᠤᠰᠤᠨ᠃

ᠭᠦᠮᠤᠨ ᠤ ᠰᠤᠳᠤᠨ ᠮᠤᠩᠭ᠋ᠤᠯ ᠪᠣᠯᠪᠴᠤ ᠭᠦᠭ᠍ᠵᠢᠯᠳᠡ ᠦᠭᠡᠶ ᠪᠣᠯ ᠭᠦᠪ ᠭᠦᠭᠡᠷᠦᠭᠦᠢ ︕

ᠮᠠᠯᠴᠢᠳ ᠲᠤ ᠠᠪᠴᠤ ᠭᠡᠯᠡᠪᠠᠯ ᠨᠤᠳᠤᠭ ᠪᠠᠯᠴᠢᠭᠡᠷ ᠠᠮᠢ ᠨᠠᠰᠤ᠂ ᠳᠠᠷᠢᠶᠠᠴᠢᠳ ᠲᠤ ᠠᠪᠴᠤ ᠭᠡᠯᠡᠪᠠᠯ ᠭᠡᠯᠡᠯᠭᠡᠨ ᠦᠭᠡᠶ ᠳᠠᠷᠢᠶᠠᠨ ᠭᠠᠵᠠᠷ ᠨᠢ ᠠᠮᠢ ᠨᠠᠰᠤ ᠶᠤᠮ᠃ ᠮᠠᠯᠴᠢᠨ ᠪᠠ ᠳᠠᠷᠢᠶᠠᠴᠢᠨ ᠨᠢ ᠵᠥᠪᠭᠡᠨ ᠳᠤᠬᠠᠢ ᠶᠢᠨ ᠠᠵᠢᠯ ᠢ ᠡᠷᠭᠢᠯᠡᠵᠤ ᠪᠠᠢ᠌ᠭ᠎ᠠ ᠠᠵᠢᠯᠴᠢᠳ ᠤᠨ ᠶᠡᠷᠦᠩᠭᠡᠢ ᠨᠠᠷᠠᠢ᠌ᠳᠤᠯ ᠪᠣᠯᠬᠤ ᠶᠤᠮ᠃ ᠡᠷᠳᠡᠨ ᠡᠴᠠ ᠡᠳᠦᠭᠡ ᠪᠣᠯᠳᠠᠯ᠎ᠠ ᠮᠤᠩᠭ᠋ᠤᠯᠴᠤᠳ ᠤᠨ ᠠᠵᠤ ᠠᠮᠢᠳᠤᠷᠠᠯ ᠤᠨ ᠭᠤᠤᠯ ᠭᠡᠯᠪᠠᠷᠢ ᠨᠢ ᠮᠠᠯ ᠠᠵᠤ ᠠᠬᠤᠢ ᠣᠴᠢᠷ ᠡᠴᠠ ᠮᠠᠯᠴᠢᠨ ᠭᠡᠭ᠍ᠰᠡᠭᠡᠷ ᠭᠦᠮᠦᠰ ᠤᠨ ᠳᠠᠷᠢᠭᠢᠨ ᠳᠤ ᠮᠤᠩᠭ᠋ᠤᠯ ᠭᠦᠮᠤᠨ ᠢᠯᠡᠷᠡᠳᠡᠭ᠌ ᠠᠵᠠᠢ᠂ ᠣᠳᠤ ᠬᠠᠷᠢᠨ ᠮᠠᠯᠴᠢᠨ ᠪᠠ ᠳᠠᠷᠢᠶᠠᠴᠢᠨ ᠨᠢ ᠦᠨᠳᠦᠰᠦᠳᠠᠨ ᠤ ᠵᠠᠭᠠᠭ ᠶᠢᠡᠷ ᠪᠠᠯᠠᠷᠬᠠᠢ ᠪᠣᠯᠤᠭᠰᠠᠨ ᠪᠠᠢ᠌ᠨ᠎ᠠ᠂ ᠣᠯᠠᠨ ᠤ ᠮᠡᠳᠡᠭᠡᠵᠢ ᠪᠠᠷ ᠥᠩᠭᠡᠷᠡᠭ᠍ᠰᠡᠨ ᠵᠠᠭᠤᠨ ᠤ ᠳᠠᠯᠠ ᠨᠠᠶᠠᠭᠠᠤᠨ ᠣᠨ ᠤ ᠦᠶᠡᠰ ᠱᠠᠠᠲᠦ᠋ᠩ ᠭᠡᠳᠡᠯ᠎ᠡ ᠱᠠᠠᠰᠢ ᠡᡁᠧᠪᠧᠢ ᠭᠡᠳᠡᠯ᠎ᠡ ᠡᡁᠧᠨᠡᠨ ᠵᠡᠷᠭᠡ ᠨᠤᠳᠤᠭ ᠡᠴᠠ ᠥᠯᠦᠰᠭᠦᠯᠡᠩ ᠠᠷᠠᠤᠨ ᠡᠳᠥᠢᠴᠢᠨᠡᠨ ᠳᠠᠳᠣᠢ᠌ᠴᠢᠨᠠᠨ ᠳᠡᠨᠡᠭᠦᠴᠢᠯᠡᠵᠤ ᠢᠷᠡᠩᠭᠦᠳᠡ ᠭᠡᠳᠦᠭᠡᠨ ᠵᠢᠯ ᠤᠨ ᠳᠤᠳᠤᠷ᠎ᠠ ᠮᠠᠯᠵᠢᠬᠤ ᠮᠡᠷᠭᠡᠵᠢᠯ ᠢ ᠰᠤᠷᠮᠠᠭᠠᠢ ᠡᠵᠡᠮᠰᠢᠭᠡᠳ ᠮᠠᠯ ᠲᠡᠶ ᠪᠣᠯᠤᠭᠰᠠᠨ ᠶᠢᠡᠷ ᠦᠯᠦ ᠪᠠᠷᠠᠨ ᠨᠠᠯᠢᠶᠠᠤᠨ ᠨᠢ ᠬᠠᠷᠢᠨ ᠳᠤᠮᠤ ᠪᠠᠶᠠᠨ ᠪᠣᠯᠤᠭᠰᠠᠨ ᠪᠢᠯᠠ᠃ ᠥᠭᠡᠷ᠎ᠡ ᠪᠠᠷ ᠭᠡᠯᠡᠪᠠᠯ ᠳᠠᠯ᠎ᠠ ᠨᠤᠳᠤᠭ ᠵᠥᠪᠭᠡᠨ ᠮᠤᠩᠭ᠋ᠤᠯᠴᠤᠳ ᠤᠨ ᠪᠢᠰᠢ ᠪᠣᠯᠤᠯ᠎ᠠ᠂ ᠮᠠᠯᠵᠢᠬᠤ ᠣᠬᠠᠭᠠᠨ ᠴᠤ ᠵᠥᠪᠭᠡᠨ ᠮᠤᠩᠭ᠋ᠤᠯᠴᠤᠳ ᠲᠤ ᠯᠠ ᠪᠠᠢ᠌ᠳᠠᠭ ᠣᠠᠴᠠᠭᠠᠢ ᠮᠡᠷᠭᠡᠵᠢᠯ ᠪᠢᠰᠢ ᠪᠤᠯᠤᠯ᠎ᠡ᠃ ᠡᠭᠦᠨ ᠤ ᠳᠡᠭᠡᠷ᠎ᠡ ᠦᠶ᠎ᠡ ᠣᠯᠠᠮᠵᠢᠯᠠᠭᠰᠠᠨ ᠴᠤᠷᠢ ᠶᠢᠨ ᠭᠠᠭᠴᠠ ᠮᠠᠯᠵᠢᠬᠤ ᠠᠮᠢᠳᠤᠷᠠᠯ ᠤᠨ ᠭᠡᠯᠪᠠᠷᠢ ᠨᠢ ᠰᠢᠨ᠎ᠡ ᠴᠠᠭ ᠡᠷᠡᠨ ᠤ ᠮᠤᠩᠭ᠋ᠤᠯᠴᠤᠳ ᠤᠨ ᠠᠮᠢᠳᠤᠷᠠᠯ ᠤᠨ ᠭᠦᠰᠡᠯ ᠢ ᠬᠠᠩᠭ᠋ᠠᠵᠤ ᠭᠦᠷᠦᠯᠴᠡᠭᠦ ᠦᠭᠡᠶ ᠪᠣᠯᠤᠭᠰᠠᠨ ᠪᠦᠭᠡᠳ ᠨᠤᠳᠤᠭ ᠲᠤ ᠪᠠᠨ ᠰᠠᠭᠤᠭᠰᠠᠨ ᠮᠠᠯᠴᠢᠳ ᠴᠤ ᠭᠦᠭ᠍ᠵᠢᠭ᠍ᠰᠡᠨ ᠣᠯᠤᠰ ᠤᠨ ᠰᠢᠨ᠎ᠡ ᠭᠡᠯᠪᠠᠷᠢ ᠶᠢᠨ ᠠᠮᠢᠳᠤᠷᠠᠯ ᠢ ᠭᠦᠰᠡᠮᠵᠢᠯᠡᠭᠦ ᠨᠢ ᠪᠣᠳᠠᠳᠤ ᠭᠡᠷᠡᠭ᠌ ᠪᠣᠯᠤᠭᠠᠤᠨ ᠪᠠᠢ᠌ᠨ᠎ᠠ᠃

ᠥᠭᠦᠮᠡᠯ ᠶᠢᠡᠷ ᠵᠠᠪᠠᠯ ᠳᠠᠯ᠎ᠠ ᠨᠤᠳᠤᠭ ᠲᠤ ᠪᠠᠨ ᠨᠡᠭᠦᠳᠡᠯᠯᠡᠨ ᠮᠠᠯᠵᠢᠬᠤ ᠶᠢ ᠪᠠᠷᠢᠮᠳᠠᠯᠠᠬᠤ ᠪᠣᠶᠤ ᠰᠤᠬᠤᠷ ᠪᠠᠯᠠᠢ ᠪᠠᠷ ᠬᠤᠳᠠ ᠳᠤ ᠰᠢᠯᠵᠢᠭᠦ ᠨᠢ ᠴᠦᠮ ᠮᠤᠩᠭ᠋ᠤᠯᠴᠤᠳ ᠤᠨ ᠰᠢᠨ᠎ᠡ ᠠᠮᠢᠳᠤᠷᠠᠯ ᠤᠨ ᠣᠷᠴᠢᠨ ᠪᠢᠰᠢ ᠶᠤᠮ ︕ ᠡᠨᠡᠭᠦ ᠰᠢᠨ᠎ᠡ ᠣᠷᠴᠢᠨ ᠨᠢ ᠮᠤᠩᠭ᠋ᠤᠯᠴᠤᠳ ᠴᠤᠬᠤᠮ ᠶᠠᠮᠠᠷ ᠪᠠᠢ᠌ᠭᠠᠯᠢ ᠶᠢᠨ ᠣᠷᠴᠢᠨ ᠳᠤ ᠠᠮᠢᠳᠤᠷᠠᠵᠤ ᠪᠠᠢ᠌ᠬᠤ ᠳᠤ ᠪᠢᠰᠢ ᠬᠠᠷᠢᠨ ᠶᠠᠮᠠᠷ ᠦᠷᠳᠡᠭ᠌ ᠤᠨ ᠦᠵᠡᠯ ᠶᠢᠡᠷ ᠰᠠᠭᠤᠷᠢᠯᠠᠭᠰᠠᠨ ᠣᠶᠤᠨ ᠤ ᠣᠷᠴᠢᠨ ᠶᠢᠡᠷ ᠳᠤᠭᠳᠠᠭᠠᠭᠳᠠᠨ᠎ᠡ᠃ ᠣᠳᠤ ᠴᠠᠭ ᠤᠨ ᠮᠤᠩᠭ᠋ᠤᠯᠴᠤᠳ ᠶᠡᠭᠡ ᠭᠦᠷᠤᠨ ᠤ ᠡᠯ᠎ᠡ ᠦᠨᠳᠦᠰᠦᠳᠠᠨ ᠲᠡᠶ ᠡᠭᠡᠭᠡ ᠠᠳᠠᠯᠢᠬᠠᠨ ᠡᠷᠭᠡ ᠳᠡᠭ᠍ᠰᠢ ᠪᠠᠷ ᠭᠦᠭ᠍ᠵᠢᠭᠦ ᠡᠷᠭᠡ ᠴᠢᠯᠦᠭᠡ ᠲᠡᠶ ᠶᠤᠮ᠂ ᠭᠡᠪᠠᠴᠤ ᠨᠠᠯᠢᠶᠠᠤᠨ ᠬᠠᠷᠰᠢ ᠰᠠᠭᠠᠤᠨ ᠣᠷᠤᠰᠢᠵᠤ ᠪᠣᠢ᠃

1. ᠴᠤᠯᠤ ᠮᠤᠩᠭ᠋ᠤᠯᠵᠢᠭᠤ ᠥᠭᠡ ᠭᠡᠯᠡᠨ ᠤ ᠣᠷᠴᠢᠨ ᠢ ᠪᠠᠢ᠌ᠭᠤᠯᠬᠤ ᠳᠤ ᠬᠠᠷᠰᠢ ᠲᠡᠶ ᠪᠠᠢ᠌ᠨ᠎ᠡ᠃

ᠨᠡᠢ᠌ᠭᠡᠮ ᠤᠨ ᠭᠦᠭ᠍ᠵᠢᠯᠳᠡ ᠶᠢᠨ ᠠᠯᠬᠤᠮ ᠳᠦᠷᠭᠡᠳᠴᠦ ᠪᠠᠢ᠌ᠬᠤ ᠳᠤ ᠮᠤᠩᠭ᠋ᠤᠯᠴᠤᠳ ᠬᠠᠷᠢᠨ ᠭᠦᠭ᠍ᠵᠢᠯᠳᠡ ᠡᠴᠠ ᠡᠭᠦᠰᠦᠭ᠍ᠰᠡᠨ ᠰᠢᠨ᠎ᠡ ᠥᠭᠡᠰ ᠢ ᠡᠭᠦᠳᠭᠦ ᠬᠤᠷᠳᠤᠴᠠ ᠬᠠᠷᠢᠨ ᠠᠯᠭᠤᠷᠬᠠᠨ ᠪᠠᠢ᠌ᠨ᠎ᠡ᠃

ᠵᠠᠷᠢᠮ ᠳᠠᠭᠠᠨ ᠪᠦᠷᠢᠨ ᠪᠦᠳᠤᠨ ᠨᠢᠭᠡ ᠥᠭᠦᠯᠡᠪᠦᠷᠢ ᠶᠢ ᠶᠠᠷᠢᠬᠤ ᠠᠳᠠᠭ ᠲᠤ ᠪᠠᠨ ᠭᠡᠳᠤᠨ ᠵᠢᠭᠡᠯᠡᠭᠡ ᠥᠭᠡ ᠵᠠᠷᠤᠬᠤ ᠪᠣᠶᠤ ᠠᠷᠭ᠎ᠠ ᠪᠠᠨ ᠪᠠᠷᠠᠵᠤ ᠵᠠᠪᠠᠯ ᠭᠢᠳᠠᠤᠨ ᠥᠭᠡ ᠣᠷᠤᠭᠤᠯᠬᠤ ᠪᠣᠯᠤᠯᠴᠠᠭ᠎ᠠ ᠲᠡᠶ ᠪᠠᠢ᠌ᠳᠠᠭ᠃ ᠡᠢ᠌ᠮᠤ ᠪᠠᠢ᠌ᠳᠠᠯ ᠮᠤᠩᠭ᠋ᠤᠯ ᠣᠯᠤᠰ ᠲᠤ (ᠬᠠᠯᠬᠠᠴᠤᠳ ᠤᠨ ᠣᠷᠤᠰ ᠵᠢᠭᠡᠯᠡᠭᠡ ᠭᠡᠯᠡ) ᠨᠠᠩ ᠭᠡᠴᠡᠭᠦᠤ᠃ ᠡᠨᠡ ᠬᠠᠷᠰᠢ ᠰᠠᠭᠠᠤᠨ ᠢ ᠠᠷᠢᠯᠭᠠᠬᠤ ᠭᠡᠪᠠᠯ ᠮᠤᠩᠭ᠋ᠤᠯᠴᠤᠳ ᠤᠨ ᠭᠡᠯᠡᠨ ᠤ ᠡᠷᠳᠡᠮᠳᠡᠳ ᠵᠤᠷᠢᠭᠳᠠᠢ ᠪᠠᠷ ᠰᠢᠨ᠎ᠡ ᠥᠭᠡ ᠡᠭᠦᠳᠴᠤ ᠳᠦᠭᠦᠭᠡᠮᠡᠯᠵᠢᠭᠦᠯᠤᠨ ᠭᠡᠷᠡᠭ᠍ᠵᠢᠭᠦᠯᠭᠦ ᠨᠢ ᠪᠠᠴᠢᠮ ᠡᠭᠦᠷᠭᠡ ᠪᠣᠯᠤᠭᠠᠤᠨ ᠪᠠᠢ᠌ᠨ᠎ᠡ᠃

2. ᠮᠤᠩᠭ᠋ᠤᠯ ᠭᠡᠯᠡ ᠪᠠᠷ ᠠᠵᠢᠯᠠᠬᠤ ᠠᠵᠢᠯ ᠤᠨ ᠪᠠᠢ᠌ᠷᠢ ᠶᠠᠪᠣᠬᠤ ᠳᠤᠳᠤᠮ ᠴᠥᠭᠡᠷᠡᠵᠤ ᠮᠤᠩᠭ᠋ᠤᠯᠴᠤᠳ ᠠᠵᠢᠯᠯᠠᠵᠤ ᠠᠮᠢᠳᠤᠷᠠᠬᠤ ᠣᠷᠴᠢᠨ ᠳᠤ ᠪᠠᠨ ᠳᠦᠷᠤᠯᠭᠢ ᠭᠡᠯᠡ ᠪᠠᠨ ᠭᠡᠷᠡᠭ᠍ᠵᠢᠭᠦᠯᠭᠦ ᠳᠤ ᠬᠠᠷᠰᠢ ᠪᠣᠯᠤᠭᠠᠤᠨ ᠪᠠᠢ᠌ᠨ᠎ᠡ᠃

ᠥᠭᠡ ᠭᠡᠯᠡ ᠪᠣᠯ ᠭᠦᠮᠦᠰ ᠤᠨ ᠬᠠᠷᠢᠯᠴᠠᠭᠠᠨ ᠤ ᠪᠠᠭᠠᠵᠢ ᠮᠦᠨ᠂ ᠪᠠᠭᠠᠵᠢ ᠶᠢᠨ ᠣᠢ᠌ᠯᠠᠳᠤᠯ ᠶᠢᠡᠨ ᠠᠯᠳᠠᠴᠢᠬᠠᠪᠠᠯ ᠥᠭᠡ ᠭᠡᠯᠡ ᠵᠥᠪᠭᠡᠨ ᠣᠷᠤᠠᠴᠠᠭ ᠳᠠᠳᠤᠢ ᠶᠠᠭᠤᠮ᠎ᠠ ᠪᠣᠯᠵᠤ ᠡᠴᠦᠰ ᠲᠤ ᠮᠦᠽᠧᠢ ᠳᠤ ᠬᠠᠳᠠᠭᠠᠯᠠᠭᠳᠠᠨ ᠳᠡᠦᠭᠡ ᠪᠣᠯᠵᠤ ᠬᠤᠴᠤᠷᠬᠤ ᠶᠤᠮ᠃ ᠪᠢᠳᠠ ᠡᠳᠦᠷ ᠳᠤᠳᠤᠮ ᠤᠨ ᠠᠮᠢᠳᠤᠷᠠᠯ ᠳᠤ ᠪᠠᠨ ᠳᠦᠷᠤᠯᠭᠢ ᠭᠡᠯᠡ ᠪᠠᠨ ᠭᠡᠳᠦᠢ ᠭᠡᠷᠡᠭ᠍ᠵᠢᠭᠦᠯᠵᠤ ᠪᠠᠢ᠌ᠭ᠎ᠠ ᠪᠣᠯ ︖ ᠪᠠᠩᠭᠢ ᠳᠤ ᠮᠥᠩᠭᠦ ᠬᠠᠳᠠᠭᠠᠯᠠᠬᠤ᠂ ᠬᠤᠭᠤᠯᠠᠨ ᠭᠡᠷ ᠲᠤ ᠬᠤᠭᠤᠯᠠᠯᠠᠬᠤ᠂ ᠳᠡᠯᠭᠡᠭᠦᠷ ᠡᠴᠠ ᠶᠠᠭᠤᠮ᠎ᠠ ᠠᠪᠬᠤ᠂ ᠳᠡᠷᠭᠡᠨ ᠳᠤ ᠰᠠᠭᠤᠬᠤ ᠁ ᠠᠯᠢ ᠨᠢᠭᠡ ᠨᠢ ᠭᠡᠯ᠎ᠡ ᠴᠤ ᠮᠤᠩᠭ᠋ᠤᠯ ᠶᠢᠡᠷ ᠶᠠᠷᠢᠬᠤ ᠲᠤᠬᠢᠶᠠᠯᠳᠤᠮᠵᠢ ᠭᠡᠮᠵᠢᠰᠢᠭᠦᠢ ᠪᠠᠭ᠎ᠠ ᠳᠠᠰᠢ ᠳᠡᠮᠡᠤᠯᠡᠭ᠍ᠰᠡᠨ ᠪᠠᠢ᠌ᠬ᠎ᠠ ᠡ ︕

ᠪᠢᠳᠠ ᠳᠦᠷᠤᠯᠭᠢ ᠭᠡᠯᠡ ᠭᠡᠷᠡᠭ᠍ᠵᠢᠭᠦᠯᠮᠡᠡᠵᠢᠨ ᠰᠠᠶᠤ ᠭᠦᠭ᠍ᠵᠢᠭᠦᠯᠵᠤ ᠴᠢᠳᠠᠨ᠎ᠡ᠂ ᠭᠡᠷᠡᠭᠯᠡᠯᠭᠡᠨ ᠳᠤ ᠭᠡᠷᠡᠭ᠍ᠵᠢᠭᠦᠯᠭᠦ ᠦᠭᠡᠶ ᠶᠤᠮ ᠪᠣᠯ ᠭᠦᠭ᠍ᠵᠢᠭᠦᠯᠦᠭ᠍ᠰᠡᠨ ᠴᠤ ᠬᠤᠭᠤᠰᠤᠨ ᠪᠣᠯᠬᠤ ᠶᠤᠮ᠃ ᠡᠨᠡᠭᠦ ᠬᠠᠷᠰᠢ ᠰᠠᠭᠠᠤᠨ ᠢ ᠠᠷᠢᠯᠭᠠᠬᠤ ᠭᠡᠪᠠᠯ ᠪᠦᠭᠦ ᠮᠤᠩᠭ᠋ᠤᠯᠴᠤᠳ ᠤᠨ ᠬᠠᠮᠳᠤ ᠶᠢᠨ ᠴᠢᠷᠮᠠᠢ᠌ᠯᠠᠯᠭ᠎ᠠ ᠭᠡᠷᠡᠭ᠍ᠳᠡᠢ᠂ ᠠᠷᠠᠤᠨ ᠤᠨ ᠲᠦᠯᠦᠭᠡᠯᠡᠭ᠍ᠴᠢ᠂ ᠮᠤᠩᠭ᠋ᠤᠯ ᠳᠡᠭᠡᠳᠤ ᠳᠠᠰ ᠤᠨ ᠡᠷᠭᠡ ᠪᠠᠷᠢᠭᠴᠢᠳ ᠦᠪᠣᠷ ᠮᠤᠩᠭ᠋ᠤᠯ ᠣᠷᠤᠨ ᠳᠤ ᠮᠤᠩᠭ᠋ᠤᠯ ᠠᠵᠢᠯ ᠤᠨ ᠪᠠᠢ᠌ᠷᠢ ᠶᠢ ᠦᠷᠭᠡᠳᠭᠡᠭᠦ ᠪᠠᠷ ᠪᠦᠭᠦ ᠣᠯᠤᠰ ᠤᠨ ᠠᠷᠠᠤᠨ ᠤᠨ ᠲᠦᠯᠦᠭᠡᠯᠡᠭ᠍ᠴᠢᠳ ᠤᠨ ᠶᠡᠭᠡ ᠬᠤᠷᠠᠯ ᠬᠠᠮᠳᠤ ᠶᠢᠨ ᠭᠤᠶᠤᠴᠢᠯᠠᠯ ᠳᠡᠪᠰᠢᠭᠦᠯᠭᠦ ᠶᠢ ᠭᠦᠰᠡᠨᠡᠮ᠃

3. ᠮᠤᠩᠭ᠋ᠤᠯ ᠰᠤᠷᠭᠠᠨ ᠭᠦᠮᠦᠵᠢᠯ ᠢ ᠴᠢᠩᠭ᠋ᠠᠳᠬᠠᠬᠤ ᠡᠷᠴᠢᠮ ᠰᠤᠯᠠᠷᠠᠬᠤ ᠳᠠᠰᠢ ᠬᠠᠳᠤᠭᠰᠠᠨ ᠬᠠᠷᠰᠢ ᠰᠠᠭᠠᠤᠨ᠃

ᠶ‍ᠡᠷᠡᠭᠡᠳ ᠣᠨ ᠡᠴᠠ ᠡᠭᠢᠯᠡᠵᠤ ᠮᠤᠩᠭ᠋ᠤᠯ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠳᠤᠭ᠎ᠠ ᠭᠦᠮᠦᠰ ᠢ ᠰᠤᠴᠢᠭᠠᠮ᠎ᠠ ᠴᠥᠭᠡᠷᠡᠵᠤ ᠡᠨᠡ ᠰᠢᠯᠳᠠᠭᠠᠨ ᠡᠴᠠ ᠪᠣᠯᠵᠤ ᠮᠤᠩᠭ᠋ᠤᠯ ᠰᠤᠷᠭᠠᠭᠤᠯᠢ ᠣᠰᠠᠳᠬᠤ ᠨᠢ ᠣᠰᠠᠳᠴᠤ ᠨᠡᠢ᠌ᠯᠡᠭᠦ ᠶᠢ ᠨᠢ ᠨᠡᠢ᠌ᠯᠡᠭᠦᠯᠵᠤ ᠪᠠᠢ᠌ᠬᠤ ᠳᠤ ᠡᠯ᠎ᠡ ᠭᠠᠵᠠᠷ ᠤᠨ ᠭᠢᠳᠠᠤᠨ ᠳᠤᠮᠳᠠ ᠪᠠᠭ᠎ᠠ ᠰᠤᠷᠭᠠᠭᠤᠯᠢ ᠬᠠᠷᠢᠨ ᠰᠤᠷᠤᠭᠴᠢ ᠣᠯᠠᠳᠠᠭᠠᠤᠨ ᠵᠤᠪᠠᠯᠠᠩ ᠪᠣᠯᠪᠠ᠂ ᠢᠵᠢᠯ ᠨᠢᠭᠡ ᠭᠦᠷᠤᠨ ᠳ᠋ᠠᠭᠢ ᠰᠤᠷᠭᠠᠭᠤᠯᠢ ᠶᠠᠭᠠᠭᠢᠭᠠᠤᠨ ᠡᠢ᠌ᠮᠤ ᠶᠡᠭᠡ ᠵᠦᠷᠢᠶ᠎ᠠ ᠲᠡᠶ ᠶᠤᠮ ᠪᠣᠯ ︖ ᠡᠨᠡ ᠠᠰᠠᠭᠤᠳᠠᠯ ᠢ ᠵᠥᠪᠭᠡᠨ ᠮᠠᠨ ᠤ ᠮᠤᠩᠭ᠋ᠤᠯᠴᠤᠳ ᠯᠠ ᠰᠠᠨᠠᠭᠠᠰᠢᠷᠠᠬᠤ ᠪᠠᠢ᠌ᠬ᠎ᠠ ᠡ ︕ ᠡᠨᠡ ᠥᠵᠡᠭ᠍ᠳᠡᠯ ᠪᠣᠢ ᠪᠣᠯᠤᠭᠰᠠᠨ ᠭᠤᠤᠯ ᠰᠢᠯᠳᠠᠭᠠᠨ ᠭᠡᠪᠠᠯ ᠭᠡᠯᠪᠠᠷᠢ ᠳᠡᠭᠡᠷ᠎ᠡ ᠪᠠᠨ ᠨᠢᠭᠡ ᠪᠣᠯ ᠮᠤᠩᠭ᠋ᠤᠯ ᠰᠤᠷᠭᠠᠨ ᠭᠦᠮᠦᠵᠢᠯ ᠤᠨ ᠴᠢᠨᠠᠷ ᠴᠢᠠᠰᠠᠭ᠎ᠠ ᠳᠤᠷᠣᠢ᠌ᠳᠠᠭᠰᠠᠨ᠂ ᠨᠥᠭᠦᠭᠡ ᠪᠣᠯ ᠮᠦᠨ ᠮᠤᠩᠭ᠋ᠤᠯ ᠥᠭᠡ ᠭᠡᠯᠡ ᠶᠢᠨ ᠭᠡᠷᠡᠭᠯᠡᠯᠭᠡᠨ ᠤ ᠣᠢ᠌ᠯᠠᠳᠤᠯ ᠪᠠᠭᠤᠷᠠᠭᠰᠠᠨ ᠠᠰᠠᠭᠤᠳᠠᠯ ᠪᠣᠯᠤᠨ᠎ᠡ᠃ ᠬᠡᠦᠬᠡᠳ ᠶᠢᠡᠨ ᠭᠢᠳᠠᠤᠨ ᠪᠢᠴᠢᠭ᠌ ᠥᠵᠡᠭᠦᠯᠵᠤ ᠣᠬᠠᠭ᠎ᠠ ᠪᠦᠷᠢᠳᠦᠭᠡ ᠦᠭᠡᠶ ᠦᠷ᠎ᠡ ᠶᠢᠨ ᠶᠢᠡᠨ ᠣᠭ ᠭᠡᠯᠡ ᠶᠢ ᠣᠭᠳᠤᠯᠵᠤ ᠶᠠᠪᠣᠭ᠎ᠠ ᠮᠤᠩᠭ᠋ᠤᠯ ᠠᠪᠣ ᠡᠵᠢ ᠭᠡᠳᠥᠢᠪᠠᠷ ᠰᠡᠳᠭᠢᠯ ᠤᠨ ᠭᠦᠨ ᠳᠤ ᠪᠠᠨ ᠳᠤᠷ᠎ᠠ ᠦᠭᠡᠶ ᠶᠠᠯ᠎ᠠ ᠭᠢᠭ᠍ᠰᠡᠨ ᠮᠠᠳᠤ ᠪᠠᠢ᠌ᠯ᠎ᠠ ᠴᠤ ᠦᠷ᠎ᠡ ᠶᠢᠨ ᠶᠢᠡᠨ ᠲᠦᠯᠦᠭᠡ ᠭᠡᠵᠤ ᠰᠢ᠌ᠤᠠᠳᠤᠭᠰᠠᠨ ᠴᠤᠷᠢ ᠶᠢᠨ ᠭᠠᠭᠴᠠ ᠠᠷᠭ᠎ᠠ ᠶᠠᠳᠠᠭᠰᠠᠨ 《ᠵᠦᠪ ᠰᠤᠩᠭ᠋ᠤᠯᠳᠠ》 ᠪᠠᠢ᠌ᠯᠭᠦᠢ ︕ ᠪᠢᠳᠠ ᠡᠳᠡᠭᠡᠷ ᠮᠤᠩᠭ᠋ᠤᠯᠴᠤᠳ ᠢ ᠰᠢᠭᠦᠮᠵᠢᠯᠡᠭᠦ ᠪᠣᠶᠤ ᠭᠤᠳᠠᠭᠠᠬᠤ ᠰᠢᠯᠳᠠᠭᠠᠨ ᠠᠯᠠᠭ᠎ᠠ ︕ ᠬᠠᠷᠢᠨ ᠡᠢ᠌ᠮᠤ ᠣᠷᠴᠢᠨ ᠡᠢ᠌ᠮᠤ ᠣᠷᠤᠰᠬᠠᠯ ᠢ ᠪᠣᠢ ᠪᠣᠯᠭᠠᠬᠤ ᠳᠤ ᠭᠦᠴᠤ ᠪᠠᠨ ᠡᠷᠭᠦᠭ᠍ᠰᠡᠨ 《ᠭᠠᠪᠢᠶᠠᠳᠠᠤᠨ》 ᠊ᠢ 《ᠮᠠᠭᠳᠠᠮᠠᠷ》᠃ ᠣᠴᠢᠷ ᠶᠠᠪᠣᠳᠠᠯ ᠪᠦᠷ ᠡᠢ᠌ᠮᠤ ᠪᠣᠯᠤᠭᠰᠠᠨ ᠤ ᠳᠠᠷᠠᠭ᠎ᠠ ᠣᠷᠴᠢᠮ ᠤᠨ ᠬᠤᠶᠠᠷ ᠵᠢᠯ ᠵᠠᠷᠢᠮ ᠭᠦᠮᠦᠰ ᠭᠡᠨᠡᠳᠲᠡ ᠰᠡᠭᠡᠭᠡᠷᠡᠭ᠍ᠰᠡᠨ ᠰᠢᠭ᠌ ᠪᠣᠯᠵᠤ ᠡᠯ᠎ᠡ ᠵᠣᠢ᠌ᠯ ᠤᠨ ᠳᠦᠷᠤᠯᠭᠢ ᠭᠡᠯᠡ ᠪᠠᠷ ᠰᠤᠷᠤᠯᠴᠠᠬᠤ ᠶᠢ ᠵᠤᠷᠢᠭᠵᠢᠭᠤᠯᠵᠤ ᠭᠦᠭᠢᠭᠦᠯᠭᠦ ᠠᠷᠭ᠎ᠠ ᠭᠡᠮᠵᠢᠶ᠎ᠡ ᠳᠦᠷᠤ ᠶᠢᠨ ᠪᠣᠳᠤᠯᠭ᠎ᠠ ᠶᠢ ᠳᠤᠭᠳᠠᠭᠠᠭᠰᠠᠨ ᠪᠠᠢ᠌ᠯ᠎ᠠ᠂ ᠢᠩᠭᠢᠵᠤ ᠪᠠᠢ᠌ᠯ᠎ᠠ ᠴᠤ ᠮᠤᠩᠭ᠋ᠤᠯᠴᠤᠳ ᠤᠨ ᠦᠷ᠎ᠡ ᠬᠡᠦᠬᠡᠳ ᠶᠢᠡᠨ ᠳᠦᠷᠤᠯᠭᠢ ᠭᠡᠯᠡ ᠶᠢ ᠨᠢ ᠰᠤᠷᠭᠠᠬᠤ ᠢᠳᠠᠪᠭᠢᠵᠢᠯ ᠳᠠᠮᠠᠢ ᠦᠨᠳᠦᠷ ᠪᠢᠰᠢ ᠪᠠᠢ᠌ᠯ᠎ᠠ᠃

ᠡᠨᠡ ᠭᠤᠷᠪᠠᠨ ᠶᠡᠭᠡ ᠠᠰᠠᠭᠤᠳᠠᠯ ᠢ ᠰᠢ᠌ᠤᠠᠪᠣᠷᠢᠯᠠᠵᠤ ᠳᠡᠢ᠌ᠯᠭᠦ ᠳᠤ ᠭᠦᠷᠪᠠᠯ ᠮᠤᠩᠭ᠋ᠤᠯᠴᠤᠳ ᠠᠶᠠᠠᠳᠠᠭᠠᠨ ᠨᠢᠭᠡ ᠵᠣᠢ᠌ᠯ ᠤᠨ ᠰᠢᠨ᠎ᠡ ᠮᠤᠩᠭ᠋ᠤᠯ ᠣᠷᠴᠢᠨ ᠳᠤ ᠠᠮᠢᠳᠤᠷᠠᠬᠤ ᠪᠣᠯᠤᠨ᠎ᠡ᠂ ᠡᠨᠡ ᠣᠷᠴᠢᠨ ᠨᠢ ᠳᠠᠷᠤᠢ ᠪᠢᠳᠠᠨ ᠤ ᠭᠡᠯᠡᠵᠤ ᠨᠡᠢ᠌ᠭᠡᠮ ᠤᠨ ᠭᠦᠭ᠍ᠵᠢᠯᠳᠡ ᠲᠡᠶ ᠵᠤᠭᠢᠴᠠᠯᠳᠤᠭᠰᠠᠨ ᠰᠢᠨ᠎ᠡ ᠮᠤᠩᠭ᠋ᠤᠯ ᠣᠷᠴᠢᠨ ᠪᠣᠯᠬᠤ ᠶᠤᠮ᠃ ᠡᠨᠡᠭᠦ ᠣᠷᠴᠢᠨ ᠳᠤ ᠮᠤᠩᠭ᠋ᠤᠯ ᠭᠦᠮᠤᠨ ᠨᠢ ᠵᠥᠪᠭᠡᠨ ᠮᠠᠯ ᠠᠵᠤ ᠠᠬᠤᠢ ᠶᠢᠨ ᠠᠮᠢᠳᠤᠷᠠᠯ ᠢ ᠭᠢᠭᠦ ᠪᠢᠰᠢ ᠬᠠᠷᠢᠨ ᠦᠪᠡᠷ ᠤᠨ ᠳᠤᠷᠠᠰᠢᠯ ᠶᠢᠡᠷ ᠶᠢᠡᠨ ᠨᠡᠢ᠌ᠭᠡᠮ ᠤᠨ ᠡᠯ᠎ᠡ ᠠᠵᠢᠯ ᠤᠨ ᠪᠠᠢ᠌ᠷᠢ ᠶᠢ ᠴᠢᠯᠦᠭᠡᠳᠡᠢ ᠰᠤᠩᠭ᠋ᠤᠨ ᠦᠪᠡᠷ ᠤᠨ ᠥᠭᠡ ᠭᠡᠯᠡ ᠥᠰᠦᠭ᠌ ᠪᠢᠴᠢᠭ᠌ ᠶᠢᠡᠨ ᠭᠡᠷᠡᠭᠯᠡᠵᠤ ᠠᠵᠤ ᠳᠦᠷᠦᠭᠦ ᠪᠣᠯᠤᠨ᠎ᠡ᠃ ᠭᠡᠯᠡᠯᠭᠡᠨ ᠦᠭᠡᠶ ᠭᠡᠰᠡᠭ᠌ ᠳᠤᠭᠠᠨ ᠤ ᠮᠤᠩᠭ᠋ᠤᠯᠴᠤᠳ ᠮᠦᠨ ᠣᠳᠤᠭᠢᠴᠢᠯᠠᠭᠰᠠᠨ ᠮᠠᠯᠵᠢᠯ ᠤᠨ ᠪᠠᠭᠠᠵᠢ ᠪᠠ ᠠᠷᠭ᠎ᠠ ᠭᠡᠯᠪᠠᠷᠢ ᠪᠠᠷ ᠦᠷᠭᠦᠯᠵᠢᠯᠡᠨ ᠮᠠᠯ ᠠᠵᠤ ᠠᠬᠤᠢ ᠶᠢᠨ ᠣᠢ᠌ᠯᠠᠰ ᠶᠢᠡᠨ ᠴᠢᠯᠦᠭᠡᠳᠡᠢ ᠭᠦᠭ᠍ᠵᠢᠭᠦᠯᠭᠦ ᠶᠢᠨ ᠬᠠᠮᠳᠤ ᠣᠯᠠᠮᠵᠢᠯᠠᠯᠳᠤ ᠮᠠᠯ ᠠᠵᠤ ᠠᠬᠤᠢ ᠶᠢᠨ ᠮᠡᠷᠭᠡᠵᠢᠯ᠂ ᠴᠠᠭᠠᠨ ᠢᠳᠡᠭᠡ ᠬᠠᠭᠠᠷᠢᠮᠠᠯ ᠪᠣᠤᠪᠣ ᠭᠢᠭᠦ ᠡᠴᠠ ᠣᠷᠭ᠎ᠠ ᠵᠠᠯᠠᠵᠤ ᠴᠢᠳᠤᠷ ᠵᠠᠩᠭᠢᠳᠬᠤ᠂ ᠬᠤᠷᠠᠭᠠᠨ ᠳᠠᠪᠠᠯ ᠢᠰᠡᠭᠡᠢ ᠭᠤᠳᠤᠯ ᠭᠢᠭᠦ ᠡᠴᠠ ᠡᠮᠨᠢᠭ᠌ ᠪᠣᠯᠭᠢᠯᠠᠭᠤᠯᠵᠤ ᠱᠠᠷ ᠰᠤᠷᠭᠠᠬᠤ ᠭᠦᠷᠳᠡᠯ᠎ᠡ ᠴᠦᠮ ᠵᠠᠪᠠᠯ ᠮᠡᠷᠭᠡᠰᠢᠭᠦ ᠣᠷ᠎ᠠ ᠮᠡᠷᠭᠡᠵᠢᠯ ᠶᠢᠡᠷ ᠣᠯᠠᠮᠵᠢᠯᠠᠭᠳᠠᠨ᠂ ᠳᠠᠯ᠎ᠠ ᠨᠤᠳᠤᠭ ᠤᠨ ᠠᠮᠢ ᠠᠬᠤᠢ ᠶᠢᠨ ᠳᠡᠩᠴᠡᠭᠦᠷᠢ ᠶᠢ ᠰᠢᠡᠵᠢᠯᠡᠭᠦ ᠣᠬᠠᠭᠠᠴᠢ ᠪᠠᠷ ᠪᠠᠳᠤᠯᠠᠵᠤ᠂ ᠮᠠᠯᠴᠢᠨ ᠴᠤ ᠳᠡᠭᠡᠳᠤ ᠵᠡᠷᠭᠡ ᠶᠢᠨ ᠰᠤᠷᠭᠠᠨ ᠭᠦᠮᠦᠵᠢᠯ ᠢ ᠭᠦᠷᠳᠡᠨ ᠬᠤᠳᠠ ᠶᠢᠨ ᠭᠦᠮᠦᠰ ᠲᠡᠶ ᠡᠭᠡᠭᠡ ᠠᠳᠠᠯᠢᠬᠠᠨ ᠴᠢᠨᠠᠷ ᠴᠢᠠᠰᠠᠭ᠎ᠠ ᠲᠡᠶ ᠠᠮᠢᠳᠤᠷᠠᠯ ᠢ ᠭᠢᠭᠦ ᠪᠣᠯᠤᠨ᠎ᠡ᠃


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠳᠡᠭᠡᠳᠤ ᠰᠤᠷᠭᠠᠭᠤᠯᠢ

ᠵᠤᠬᠢᠶᠠᠭᠴᠢ᠄ ᠰᠤᠬᠤᠷ ᠪᠣᠷᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12066
ᠴᠠᠭ᠄ 2011 ᠤᠨ ᠤ 06 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ