ᠨᠡᠪᠲᠡᠷᠡᠨ ᠤᠷᠤᠬᠤ
ᠲᠦᠳᠡᠭ ᠭᠠᠯ ᠤᠨ ᠨᠢᠭᠤᠴᠠ

ᠳᠤᠭᠤᠰᠤᠨ ᠳᠤᠮᠳᠠ ᠳᠠᠷᠤᠭᠳᠠᠭᠰᠠᠨ

ᠳᠤᠯᠭ᠎ᠠ ᠶᠢᠨ ᠭᠤᠷᠪᠠᠨ ᠴᠢᠯᠠᠭᠤ ᠮᠢᠨᠢ︕

ᠳᠤᠭᠯᠠᠭᠠᠮ ᠤᠨ ᠳᠤᠮᠳᠠ ᠭᠡᠭᠡᠭ᠍ᠳᠡᠭ᠍ᠰᠡᠨ

ᠳᠦᠭᠦᠭᠡᠢ ᠱᠠᠭᠠᠵᠠᠩ ᠤᠨ ᠬᠠᠭᠠᠷᠬᠠᠢ ᠮᠢᠨᠢ︕

ᠳᠡᠭ᠍ᠳᠡᠭᠡᠢ ᠰᠢᠭ᠌ ᠠᠩᠭ᠋ᠠᠯᠵᠠᠭᠰᠠᠨ

ᠳᠡᠨᠡᠭ᠌ ᠪᠣᠯᠪᠠᠷᠠᠢ ᠨᠠᠰᠤ ᠮᠢᠨᠢ︕

ᠳᠡᠭ᠍ᠳᠡᠵᠤ ᠳᠤᠩᠬᠤ ᠶᠢ ᠮᠡᠳᠡᠭ᠍ᠰᠡᠨ

ᠳᠡᠩᠳᠡᠭᠦᠤ ᠭᠦᠭᠡᠷᠦᠭᠦᠨ ᠨᠠᠰᠤ ᠮᠢᠨᠢ︕

ᠲᠦᠮᠡᠨ ᠤ ᠭᠦᠯ ᠳᠤ ᠮᠠᠨᠠᠭᠳᠠᠭᠰᠠᠨ

ᠳᠡᠦᠭᠡ ᠶᠢᠨ ᠣᠷᠳᠤ ᠨᠡᠭᠦᠳᠡᠯ ᠮᠢᠨᠢ︕

ᠳᠡᠭ᠍ᠷᠢ ᠡᠴᠡ ᠵᠢᠭᠡᠯᠡᠵᠤ ᠠᠰᠠᠭᠠᠭᠰᠠᠨ

ᠳᠦᠳᠡᠭ᠌ ᠭᠠᠯ ᠤᠨ ᠨᠢᠭᠤᠴᠠ ᠮᠢᠨᠢ︕


ᠴᠠᠭᠠᠨ ᠰᠦ᠋ ᠶᠢᠨ ᠠᠴᠢ


ᠴᠠᠰᠤ ᠴᠠᠭᠠᠨ ᠠᠭᠤᠯᠠ ᠮᠢᠨᠢ

ᠶᠠᠭᠤ ᠪᠣᠳᠤᠵᠤ ᠪᠣᠭᠤᠷᠤᠯᠳᠤᠯ᠎ᠠ᠂

ᠨᠠᠰᠤ ᠵᠠᠯᠠᠭᠤ ᠡᠵᠢ ᠮᠢᠨᠢ

ᠶᠠᠭᠤᠨ ᠳᠤ ᠡᠷᠳᠡ ᠦᠳᠦᠯᠤᠯ᠎ᠠ᠃

ᠦᠳᠦ ᠨᠢ ᠪᠦᠷᠢᠳᠦᠭ᠍ᠰᠡᠨ ᠪᠦᠷᠭᠦᠤᠨ

ᠡᠭᠦᠷ ᠶᠢᠡᠨ ᠣᠷᠭᠢᠭᠠᠤᠨ ᠨᠢᠰᠤᠯ᠎ᠠ᠂

ᠡᠷᠳᠡᠮ ᠰᠤᠷᠤᠭᠰᠠᠨ ᠭᠡᠦᠭᠡᠤᠨ

ᠡᠵᠢ ᠪᠠᠨ ᠬᠠᠶᠠᠭᠠᠤᠨ ᠶᠠᠪᠣᠯ᠎ᠠ᠃

ᠴᠠᠭᠠᠨ ᠰᠦ᠋ ᠶᠢᠨ ᠠᠴᠢ

ᠴᠠᠭ ᠤᠨ ᠴᠠᠭ ᠡᠷᠢᠭ᠍ᠳᠡᠨ᠎ᠡ᠂

ᠴᠠᠢ᠌ᠯᠭᠠᠨ ᠪᠣᠭᠤᠷᠤᠯ ᠡᠵᠢ

ᠴᠠᠢ ᠶᠢᠨ ᠴᠤᠮᠤᠨ ᠳᠤ ᠬᠠᠷᠠᠭᠳᠠᠨ᠎ᠠ᠃

ᠬᠤᠯᠠ ᠨᠢᠰᠦᠭ᠍ᠰᠡᠨ ᠪᠦᠷᠭᠦᠤᠨ

ᠡᠷᠭᠢᠵᠤ ᠨᠢᠰᠭᠦ ᠶᠢ ᠳᠤᠷᠠᠯᠠᠯ᠎ᠠ᠂

ᠬᠤᠷᠸ᠎ᠠ ᠳᠠᠨᠢᠭᠰᠠᠨ ᠭᠡᠦᠭᠡᠤᠨ

ᠡᠵᠢ ᠪᠠᠨ ᠳᠤᠷᠠᠰᠤᠨ ᠣᠭᠢᠯᠠᠯ᠎ᠠ᠃

ᠴᠠᠰᠤᠳᠤ ᠠᠭᠤᠯᠠᠨ ᠤ ᠭᠡᠴᠡ ᠶᠢ

ᠭᠦᠴᠦᠳᠤ ᠪᠦᠷᠭᠦᠤᠨ ᠰᠠᠨᠠᠨ᠎ᠠ᠂

ᠴᠠᠭᠠᠨ ᠰᠦ᠋ ᠶᠢᠨ ᠠᠴᠢ ᠶᠢ

ᠭᠦᠮᠤᠨ ᠤ ᠭᠡᠦᠭᠡᠤᠨ ᠬᠠᠷᠢᠭᠤᠯᠤᠨ᠎ᠠ ᠁


ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 3206
ᠴᠠᠭ᠄ 2005 ᠤᠨ ᠤ 06 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ