☆ ᠳᠦᠷᠪᠡᠳ ᠡᠷᠳᠡᠨᠢᠪᠠᠶᠡᠷ
ᠰᠢᠪᠠᠭᠤᠳ ᠤᠨ ᠡᠭᠡᠰᠢᠭ᠌ ᠶᠢᠡᠷ ᠡᠵᠢ ᠮᠢᠨᠢ ᠡᠷᠢᠭ᠍ᠳᠡᠨ᠎ᠡ
ᠭᠤᠪᠢ ᠶᠢᠨ ᠨᠠᠷᠠ ᠵᠡᠭᠡᠷ᠎ᠡ ᠶᠢᠨ ᠵᠤ᠋ ᠳᠤ ᠰᠠᠭᠤᠵᠤ
ᠭᠠᠳᠠᠨ᠎ᠠ ᠡᠯᠭᠦᠭᠡᠰᠦᠳᠡᠢ ᠳᠤᠭᠤᠯ ᠤᠨ ᠳᠠᠳᠠᠭ᠎ᠠ ᠭᠦᠪᠰᠦᠷᠡᠴᠢᠭᠡᠭ᠍ᠰᠡᠨ
ᠭᠤᠤᠯ ᠤᠨ ᠭᠦᠪᠠᠭᠡ ᠣᠯᠠᠷᠢᠯ ᠤᠨ ᠥᠩᠭᠡ ᠪᠠᠷ ᠰᠢᠷᠭᠠᠯᠳᠤᠭᠰᠠᠨ
ᠭᠠᠵᠠᠷ ᠤᠨ ᠬᠤᠯᠠ ᠶᠢᠨ ᠠᠷᠤᠭᠴᠢᠨ ᠨᠡᠮᠦᠷ᠂ ᠡᠵᠢ ᠬᠤᠶᠠᠷ ᠶᠢᠡᠨ
ᠭᠠᠩᠰᠠᠷᠠᠨ ᠭᠠᠩᠰᠠᠷᠠᠨ ᠰᠢᠪᠠᠭᠤᠳ ᠤᠨ ᠡᠭᠡᠰᠢᠭ᠌ ᠶᠢᠡᠷ ᠡᠷᠢᠭᠡᠤᠨ ᠪᠠᠢ᠌ᠨ᠎ᠠ
ᠳᠤᠵᠢ ᠯᠠ ᠰᠠᠯᠭᠢᠨ ᠤ ᠥᠵᠦᠭᠦᠷ ᠶᠢᠡᠷ ᠰᠠᠤᠠᠭᠢᠯ ᠰᠡᠢ᠌ᠴᠡᠭᠦᠯᠵᠤ
ᠳᠤᠭᠤᠭ᠎ᠠ ᠳᠤ ᠪᠠᠨ ᠣᠳᠤ ᠪᠠᠭᠤᠳᠠᠯ᠎ᠠ ᠰᠠᠮᠤᠷᠠᠨ ᠰᠠᠮᠤᠷᠴᠤ
ᠵᠠᠰᠠᠵᠤ ᠬᠤᠨᠤᠭᠤᠯᠤᠭᠰᠠᠨ ᠰᠥ᠋ ᠴᠢᠨᠢ
ᠵᠠᠳᠠᠭᠠᠢ ᠨᠠᠮᠤᠷᠵᠢᠶ᠎ᠠ ᠳᠤ ᠢᠷᠡᠭ᠍ᠰᠡᠨ
ᠳᠡᠷᠭᠡᠯ ᠰᠠᠷ᠎ᠠ ᠶᠢ ᠳᠠᠭᠤᠷᠢᠶᠠᠯ ᠦᠭᠡᠶ
ᠵᠡᠷᠭᠡᠯᠭᠡᠨ ᠰᠢᠭ᠌ ᠴᠤᠪᠬᠤᠴᠠᠭᠰᠠᠨ ᠨᠠᠮᠢ᠋ᠢ
ᠰᠠᠨᠠᠬᠤ ᠰᠠᠤᠠᠭᠢᠯ ᠢ ᠴᠢᠨᠢ ᠳᠠᠭᠠᠵᠤ
ᠵᠠᠢ᠌ᠮᠤᠷᠠᠨ ᠵᠠᠢ᠌ᠮᠤᠷᠠᠨ ᠭᠦᠪᠠᠭᠡ ᠨᠢ ᠡᠮᠵᠡᠭ᠌ ᠳᠤᠭᠳᠠᠨ᠎ᠠ
ᠣᠭᠤᠷᠠᠭ ᠶᠢᠡᠷ ᠰᠥᠯᠡᠭ᠍ᠰᠡᠨ ᠴᠠᠢ ᠰᠢᠭ
ᠪᠣᠭᠤᠷᠤᠯ ᠠᠭᠤᠯᠠᠰ ᠤᠨ ᠴᠠᠭᠠᠨ᠎ᠠ
ᠣᠰᠤᠨ ᠤ ᠰᠢᠪᠠᠭᠤᠳ ᠤᠨ ᠪᠣᠴᠠᠬᠤ ᠨᠤᠲ᠋ ᠲᠤ
ᠭᠠᠭᠴᠠᠭᠠᠷ ᠰᠠᠭᠤᠬᠤ ᠳᠤ ᠪᠠᠨ
ᠣᠯᠠᠭᠠᠨ ᠠᠪᠳᠠᠷ᠎ᠠ ᠡᠴᠡ ᠮᠢᠨᠤ ᠭᠦᠯᠦᠰᠤ ᠲᠡᠶ ᠡᠯᠢᠭᠡᠪᠴᠢ
ᠣᠯᠠᠭᠠᠨ ᠪᠦᠴᠡ ᠲᠡᠶ ᠪᠠᠭ᠎ᠠ ᠨᠠᠰᠤ ᠶᠢ ᠮᠢᠨᠢ
ᠭᠠᠷᠭᠠᠨ ᠭᠠᠷᠭᠠᠨ ᠦᠨᠦᠰᠤᠨ᠎ᠠ
ᠣᠨᠠᠬᠤ ᠨᠠᠷᠠᠨ ᠳᠤ ᠣᠷᠤᠮᠳᠠᠬᠤ ᠪᠣᠭᠤ ᠶᠢᠨ ᠳᠠᠭᠤ ᠶᠢ ᠴᠢᠩᠨᠠᠨ
ᠣᠷᠤᠰᠬᠠᠯ ᠳᠤ ᠭᠦᠪᠭᠦ ᠰᠢᠪᠠᠭᠤᠳ ᠢ ᠬᠠᠷᠠᠨ
ᠣᠬᠠᠭᠠᠠᠳᠠᠢ ᠭᠦᠤ ᠮᠢᠨᠢ ᠰᠡᠷᠢᠭᠦᠤ ᠣᠨᠠᠯ᠎ᠠ
ᠵᠤᠵᠠᠭᠠᠯᠠ ᠭᠡᠵᠤ ᠰᠢᠪᠠᠨᠠᠨ
ᠣᠷᠢᠳᠤ ᠰᠦᠨᠢ ᠭᠢᠷᠠᠭᠤ ᠪᠠᠭᠤᠭᠰᠠᠨ ᠰᠢᠭ
ᠮᠦᠯᠴᠠᠢ᠌ᠵᠤ ᠨᠠᠮᠢ᠋ᠢ ᠳᠠᠩᠳᠠ ᠳᠠᠭᠤᠳᠠᠨ᠎ᠠ
ᠵᠤᠬᠢᠶᠠᠭᠴᠢ᠄ ᠳᠦᠷᠪᠠᠳ ᠡᠷᠳᠡᠨᠢᠪᠠᠶᠡᠷ
ᠴᠢᠪᠠᠭ᠎ᠠ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠭᠢᠴᠢᠶᠡᠯᠯᠡᠭ᠍ᠴᠢ
ᠵᠤᠬᠢᠶᠠᠭᠴᠢ᠄ ᠳᠦᠷᠪᠡᠳ ᠡᠷᠳᠡᠨᠢᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2941
ᠴᠠᠭ᠄ 2008 ᠤᠨ ᠤ 12 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ