ᠨᠡᠪᠲᠡᠷᠡᠨ ᠤᠷᠤᠬᠤ
ᠪᠠᠯᠳᠠᠨ ᠤᠨ ᠭᠢᠨ ᠤ ᠨᠢᠭᠡ ᠡᠳᠦᠷ

ᠪᠠᠶᠠᠨ ᠪᠠᠯᠳᠠᠨ ᠤᠨ ᠭᠢᠨ ᠳᠤ ᠳᠸᠯᠸᠢᠰ ᠤᠨ ᠭᠢᠨ ᠢᠷᠡᠭ᠍ᠰᠡᠨ ᠰᠤᠷᠠᠭ ᠲᠡᠶ

ᠪᠠᠳᠮ᠎ᠠ ᠴᠢᠷᠮ᠎ᠠ ᠶᠢ ᠣᠷᠢᠭᠰᠠᠨ ᠢ ᠥᠵᠡᠭᠦ ᠳᠤ ᠨᠠᠢ᠌ᠷ ᠪᠣᠯᠬᠤ ᠨᠢ ᠨᠠᠢ᠌ᠳᠠᠪᠣᠷᠢ ᠲᠡᠶ

ᠬᠤᠭᠤᠰᠤᠨ ᠣᠭᠢᠭᠤᠯᠤᠭᠰᠠᠨ ᠬᠤᠵᠢᠭᠠᠷ ᠰᠠᠮᠳᠠᠨ ᠬᠤᠶᠠᠷ ᠬᠤᠠᠳᠠᠭᠠᠨ ᠳᠤ ᠨᠢ ᠭᠤᠷᠢᠯᠠᠵᠤ

ᠬᠤᠩᠭᠢᠯᠳᠠᠭ ᠭᠤᠳᠤᠯ ᠶᠢᠠᠨ ᠡᠮᠦᠰᠦᠭᠡᠳ ᠬᠤᠷᠳᠤ ᠲᠡᠶ ᠨᠢ ᠠᠷᠭ᠎ᠠ ᠦᠭᠡᠶ ᠬᠠᠷᠠᠢ᠌ᠯᠭᠠᠵᠠᠢ

ᠪᠠᠯᠳᠠᠨ ᠭᠤᠸᠠᠢ ᠶᠢ ᠠᠪᠣᠭᠠᠢ ᠲᠡᠶ ᠨᠢ ᠬᠤᠶᠠᠭᠤᠯᠠ ᠶᠢ ᠰᠢᠨ᠎ᠡ ᠳᠠᠪᠠᠯ ᠢ ᠨᠢ ᠡᠮᠦᠰᠭᠡᠵᠡᠢ

ᠪᠠᠰᠠ ᠳᠡᠭᠡᠭᠡᠳ ᠢᠰᠡᠭᠡᠢ ᠮᠠᠯᠠᠭᠠᠢ ᠡᠮᠦᠰᠭᠡᠭᠡᠳ ᠬᠣᠢ᠌ᠮᠤᠷ ᠨᠢ ᠰᠢᠬᠠᠵᠤ ᠰᠠᠭᠤᠯᠭᠠᠵᠠᠢ

《ᠪᠠᠯᠳᠠᠨ ᠭᠤᠸᠠᠢ ᠪᠠᠶᠠᠵᠢᠭᠰᠠᠨ ᠶᠢᠠᠨ ᠶᠠᠷᠢᠭᠠᠴᠢ》 ᠭᠡᠵᠤ ᠵᠠᠯᠠᠭᠤ ᠰᠤᠷᠪᠣᠯᠵᠢᠯᠠᠭᠴᠢ ᠪᠦᠭᠦᠯᠵᠡᠵᠡᠢ

ᠪᠠᠷᠠᠭᠠᠨ ᠳᠡᠭᠡᠷᠡᠭᠢ ᠳᠸᠯᠸᠢᠰ ᠪᠠᠷ ᠨᠢ ᠵᠢᠩ ᠳ᠋ᠸᠤ ᠭᠤᠸᠠᠢ ᠮᠤᠩᠭ᠋ᠤᠯ ᠪᠠᠷ ᠣᠷᠢᠳᠤ ᠪᠣᠯᠴᠢᠷᠬᠠᠢ ᠬᠠᠭᠤᠴᠢᠯᠠᠵᠠᠢ᠁

ᠷᠠᠳᠢᠤ᠋ ᠳᠸᠯᠸᠢᠰ ᠤᠨ ᠭᠢᠨ ᠤ ᠠᠵᠢᠯ ᠶᠢᠡᠨ ᠢᠩᠭᠢᠭᠡᠳ ᠠᠮᠵᠢᠭᠤᠯᠵᠠᠢ

ᠠᠶᠤᠰᠢ ᠬᠠᠳᠠᠭ ᠶᠢᠡᠨ ᠳᠡᠯᠭᠡᠨ ᠠᠯᠳᠠᠨ ᠬᠤᠠᠳᠠᠭ᠎ᠠ ᠪᠠᠨ ᠠᠶᠠᠯᠠᠭᠤᠯᠵᠠᠢ

ᠠᠷᠠᠢ ᠴᠢᠷᠠᠢ᠌ᠯᠢᠭ ᠪᠠᠷ ᠶᠢᠡᠨ ᠪᠠᠳᠮ᠎ᠠ ᠠᠭᠠᠯᠢᠭᠦᠢ ᠨᠢᠳᠤ ᠪᠠᠷ ᠳᠤᠭᠯᠠᠭᠰᠠᠨ ᠳᠤ

ᠳᠤᠷᠠᠨ ᠤ ᠬᠠᠷᠠᠭ᠎ᠠ ᠡᠴᠡ ᠢᠯᠡᠭᠦᠤ ᠳᠠᠷᠤᠭ᠎ᠠ ᠶᠢᠨ ᠬᠠᠷᠠᠭ᠎ᠠ ᠳᠤᠭᠳᠠᠵᠠᠢ᠁

ᠣᠯᠠᠭᠠᠨ ᠵᠡᠭᠡᠷᠳᠡ ᠪᠣᠯᠴᠢᠬᠠᠭᠰᠠᠨ ᠮᠠᠨ ᠤ ᠣᠢ᠌ᠯᠠᠰᠴᠢᠳ ᠪᠣᠴᠠᠬᠤ ᠪᠣᠯᠵᠤ

ᠠᠭᠤᠷᠬᠠᠢ᠌ᠴᠢᠳ ᠤᠨ ᠭᠠᠷᠭᠠᠭᠰᠠᠨ ᠰᠢᠨ᠎ᠡ ᠵᠠᠮ ᠶᠢᠠᠷ ᠣᠷᠤᠯᠳᠤᠨ ᠣᠷᠤᠯᠳᠤᠨ ᠳᠠᠯᠳᠠᠷᠠᠵᠠᠢ


2008᠂ 6

ᠵᠤᠬᠢᠶᠠᠭᠴᠢ ᠶᠢᠨ ᠬᠠᠶ‍ᠢᠭ᠄ ᠡᠷᠢᠶᠡᠨ ᠬᠤᠳᠠ

ᠵᠤᠬᠢᠶᠠᠭᠴᠢ᠄ ᠨᠡᠰᠦᠡᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2009 ᠤᠨ ᠤ 12 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ