ᠨᠡᠪᠲᠡᠷᠡᠨ ᠤᠷᠤᠬᠤ
ᠠᠦ᠋ᠲ᠋ᠤᠪᠦ᠋ᠰ ᠪᠠ ᠮᠢᠨᠤ ᠠᠮᠢᠳᠤᠷᠠᠯ

ᠠᠦ᠋ᠲ᠋ᠤᠪᠦ᠋ᠰ ᠲᠤ ᠰᠠᠭᠤᠭᠠᠤᠨ ᠠᠵᠢᠯ ᠳᠤ ᠪᠠᠨ ᠭᠠᠷᠤᠨ᠎ᠠ

ᠠᠵᠢᠯ ᠪᠠᠭᠤᠪᠠᠯ ᠠᠦ᠋ᠲ᠋ᠤᠪᠦ᠋ᠰ ᠶᠢᠡᠷ ᠬᠠᠷᠢᠨ᠎ᠠ

ᠠᠦ᠋ᠲ᠋ᠤᠪᠦ᠋ᠰ ᠡ᠊ᠨᠳᠡ ᠡᠴᠡ ᠭᠠᠷᠤᠭᠠᠤᠨ ᠳᠠᠠᠳᠠ ᠭᠦᠷᠦᠨ᠎ᠡ

ᠪᠢ ᠥᠷᠯᠦᠭᠡ ᠭᠠᠷᠤᠭᠠᠤᠨ ᠣᠷᠤᠢ ᠪᠣᠴᠠᠨ᠎ᠠ

ᠠᠦ᠋ᠲ᠋ᠤᠪᠦ᠋ᠰ ᠡᠳᠦᠷ ᠡᠳᠦᠷ ᠬᠠᠭᠤᠴᠢᠨ ᠵᠠᠮ ᠶᠢᠡᠷ ᠶᠢᠡᠨ ᠳᠠᠪᠭᠢᠨ᠎ᠠ

ᠥᠷᠳᠡᠭᠡ ᠳᠠᠮᠵᠢᠨ ᠰᠢᠨ᠎ᠠ ᠠᠮᠢᠳᠤᠷᠠᠯ ᠳᠡᠭᠡᠭᠡᠨ᠎ᠡ

ᠪᠢ ᠡᠳᠦᠷ ᠡᠳᠦᠷ ᠰᠢᠨ᠎ᠠ ᠠᠮᠢᠳᠤᠷᠠᠯ ᠶᠢᠡᠨ ᠡᠭᠢᠯᠡᠨ᠎ᠡ

ᠮᠠᠷᠭᠠᠰᠢ ᠪᠣᠯᠬᠤ ᠳᠤ ᠠᠷᠤ ᠳᠤ ᠥᠯᠡᠳᠡᠭᠡᠳ ᠳᠤᠷᠠᠳᠬᠠᠯ ᠪᠣᠯᠤᠨ᠎ᠠ

ᠠᠦ᠋ᠲ᠋ᠤᠪᠦ᠋ᠰ ᠡ᠊ᠨᠳᠡ ᠡᠴᠡ ᠳᠠᠠᠳᠠ ᠭᠦᠷᠳᠡᠯ᠎ᠡ ᠥᠷᠳᠡᠭᠡ ᠬᠤᠷᠢᠶᠠᠨ᠎ᠠ

ᠪᠢ ᠦᠨᠦᠳᠤᠷ ᠡᠴᠡ ᠢᠷᠡᠭᠡᠳᠦᠢ ᠣᠷᠤᠭᠤ ᠠᠮᠢᠳᠤᠷᠠᠯ ᠢ ᠣᠬᠠᠭᠠᠷᠠᠨ᠎ᠠ


《ᠭᠢᠯᠢᠴᠢᠳ》 2009᠂ 8

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2668
ᠴᠠᠭ᠄ 2009 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ