ᠨᠡᠪᠲᠡᠷᠡᠨ ᠤᠷᠤᠬᠤ
ᠭᠦᠢᠯᠡᠰᠦᠨ ᠪᠡᠷᠬᠡ

《ᠰᠢᠯᠳᠤ ᠶᠢᠨ ᠬᠠᠷᠭᠢᠯ》ᠭᠡᠵᠤ ᠡᠮᠦᠨ᠎ᠡ ᠵᠠᠭᠤᠨ ᠤ ᠳᠠᠯᠠᠭᠠᠤᠨ ᠣᠨ ᠤ ᠡᠭᠢᠨ ᠶᠢᠡᠷ ᠮᠢᠨᠤ ᠨᠤᠳᠤᠭ ᠲᠤ ᠣᠠᠴᠠ ᠪᠠᠢ᠌ᠳᠠᠭ ᠭᠦᠢᠯᠡᠰᠤᠨ ᠪᠠᠷᠭᠡ ᠶᠢ ᠭᠡᠯᠡᠳᠡᠭ᠌᠃ ᠠᠢ᠌ᠯ ᠣᠯᠠᠨ ᠶᠢᠡᠷ ᠶᠢᠡᠨ ᠡᠪᠦᠯ ᠡᠪᠦᠯ ᠬᠠᠳᠠᠭᠰᠠᠨ ᠭᠦᠢᠯᠡᠰᠤᠨ ᠮᠤᠳᠤ ᠶᠢ ᠨᠢ ᠡᠭᠦᠷᠴᠤ ᠠᠪᠠᠴᠢᠬᠤ ᠳᠠᠭᠠᠨ ᠡᠢ᠌ᠡᠭᠦ ᠠᠷᠪᠠᠭᠠᠷ ᠰᠠᠷᠪᠠᠭᠠᠷ ᠥᠷᠭᠡᠰᠤ ᠣᠯᠠᠨ ᠲᠡᠶ ᠪᠠᠷ ᠨᠢ《ᠬᠠᠷᠭᠢᠯ》ᠭᠡᠤᠨ ᠯᠠ ᠳᠦᠰᠦᠷᠭᠦ ᠳᠠᠭᠤᠳᠠᠴᠢᠬᠠᠳᠠᠭ ᠪᠠᠢ᠌ᠵᠠᠢ᠃

ᠬᠠᠷᠢ ᠳᠤ ᠦᠭ‍ᠭᠦᠭ᠍ᠰᠡᠨ ᠭᠡᠦᠭᠡᠨ ᠳᠦᠷᠦᠭ᠍ᠰᠡᠨ ᠨᠤᠳᠤᠭ ᠶᠢᠡᠨ ᠰᠠᠨᠠᠵᠤ ᠭᠢᠩᠰᠢᠵᠤ ᠳᠠᠭᠤᠯᠠᠮᠠᠷ ᠣᠷᠢᠨ ᠳᠤᠯᠠᠭᠠᠨ ᠬᠠᠪᠣᠷ ᠴᠠᠭ ᠡᠳᠦᠷᠵᠢᠨ ᠬᠠᠯᠠᠭᠤᠨ ᠢᠯᠴᠢ ᠪᠠᠷ ᠶᠢᠡᠨ ᠢᠯᠪᠢᠨ ᠥᠭᠦᠭᠡᠷᠳᠦᠭ᠍ᠰᠡᠭᠡᠷ ᠭᠦᠢᠯᠡᠰᠤᠨ ᠮᠤᠳᠤ ᠶᠢ ᠣᠶᠠᠷᠠᠭᠤᠯᠴᠢᠬᠠᠳᠠᠭ ᠡᠴᠡ ᠭᠦᠢᠯᠡᠰᠤᠨ ᠮᠤᠳᠤ ᠢᠭ᠍ᠳᠦᠯᠤᠨ ᠴᠡᠴᠡᠭᠯᠡᠳᠡᠭ᠌᠃

ᠭᠦᠢᠯᠡᠰᠤᠨ ᠪᠠᠷᠭᠡ ᠡᠩ ᠳᠡᠭᠡᠨ ᠴᠠᠢ᠌ᠷᠠᠩᠳᠤᠵᠤ ᠢᠷᠡᠭᠦ ᠪᠠᠷ ᠭᠦᠢᠯᠡᠰᠤᠨ ᠮᠤᠳᠤᠨ ᠳᠤ ᠯᠠ ᠪᠠᠢ᠌ᠳᠠᠭ ᠱᠠᠩᠳᠠᠭᠤᠨ ᠦᠨᠦᠷ ᠠᠩᠭᠢᠯᠤᠨ ᠴᠡᠴᠡᠭ᠌ ᠤᠨ ᠰᠠᠢ᠌ᠬᠠᠨ ᠦᠨᠦᠷ ᠢ ᠨᠠᠩᠳᠠ ᠠᠭᠰᠢᠭᠤᠨ ᠪᠣᠯᠭᠠᠵᠤ ᠪᠠᠷᠭᠡ ᠶᠢᠨ ᠭᠦᠡᠳᠡᠢ  ᠵᠢ ᠬᠠᠩᠬᠤᠯᠤᠭᠤᠯᠤᠨ᠎ᠠ᠃

ᠮᠢᠨᠤ ᠮᠠᠳᠠᠵᠤ ᠪᠠᠢ᠌ᠬᠤ ᠪᠠᠷ ᠭᠦᠢᠯᠡᠰᠤᠨ ᠪᠠᠷᠭᠡ ᠮᠠᠨ ᠤ ᠠᠢ᠌ᠯ ᠡᠴᠡ ᠪᠠᠷᠠᠭᠤᠨ ᠡᠮᠦᠨ᠎ᠡ ᠳᠠᠪᠤᠨ ᠭᠠᠵᠠᠷ ᠵᠠᠢ᠌ᠳᠠᠢ᠂ ᠪᠠᠷᠤᠭ ᠭᠤᠷᠪᠠᠨ ᠳᠡᠭ᠍ᠰᠢ ᠳᠦᠷᠪᠡᠯᠵᠢᠨ ᠺᠢᠯᠤᠮᠸᠲ᠋ᠷ ᠳᠠᠯᠠᠪᠠᠢ ᠲᠡᠶ᠂ ᠬᠤᠶᠠᠷ ᠮᠢᠩᠭ᠋᠎ᠠ ᠰᠢᠬᠠᠮ ᠰᠠᠭᠤᠷᠢ ᠭᠦᠢᠯᠡᠰᠤᠨ ᠮᠤᠳᠤ ᠲᠡᠶ ᠪᠠᠢ᠌ᠭᠰᠠᠨ᠃ ᠢᠩ᠍ᠬᠢᠬᠦ ᠳᠡᠭᠡᠨ ᠪᠦᠷ ᠬᠤᠷ ᠣᠷᠭᠤᠭᠰᠠᠨ ᠶᠤᠮᠰᠡᠡ᠂ ᠠᠢ᠌ᠯ ᠤᠨ ᠬᠦᠮᠤᠰ《ᠭᠡᠭᠡᠷ᠎ᠡ ᠶᠢᠨ ᠭᠦᠢᠯᠡᠰᠤ》 ᠴᠤ ᠭᠡᠳᠡᠭ᠌᠃

ᠭᠦᠢᠯᠡᠰᠤᠨ ᠮᠤᠳᠤ ᠶᠢ ᠰᠠᠢ᠌ᠬᠠᠨ ᠨᠠᠷᠢᠪᠴᠢᠯᠠᠪᠠᠯ ᠵᠠᠷᠢᠮ ᠨᠢ ᠮᠤᠳᠤ ᠨᠢ ᠪᠦᠳᠦᠭᠦᠨ ᠳᠤᠷᠪᠢᠯᠢᠭ ᠮᠥᠷᠳᠡᠭᠡᠨ ᠰᠠᠯᠠᠭ᠎ᠠ ᠨᠠᠮᠠᠭ᠎ᠠ ᠨᠢ ᠯᠥᠭᠯᠥᠢᠵᠤ ᠰᠥᠭᠯᠥᠢᠭᠡᠤᠨ ᠳᠤᠩ ᠦᠨᠳᠦᠷ ᠰᠥᠷᠯᠢᠭ ᠬᠠᠷᠠᠭᠳᠠᠳᠠᠭ ᠳᠤᠯᠠ ᠪᠢᠳᠠ ᠳᠡᠭᠦᠨ ᠢ ᠨᠢ ᠠᠪᠣ ᠭᠦᠢᠯᠡᠰᠤ ᠭᠡᠵᠤ᠂ ᠰᠢᠯᠤᠭᠤᠨ ᠰᠠᠢ᠌ᠬᠠᠨ ᠮᠤᠳᠤᠨ ᠳᠠᠭᠠᠨ ᠵᠤᠭᠢᠴᠠᠭᠤᠯᠤᠨ ᠰᠠᠭᠰᠠᠢ᠌ᠳᠠᠯ᠎ᠠ ᠰᠠᠯᠠᠭᠠᠯᠠᠵᠤ ᠬᠤᠸᠠᠷᠯᠠᠬᠤ ᠦᠶ᠎ᠡ ᠶᠢᠨ ᠭᠢᠨᠢ ᠭᠠᠩᠭ᠋ᠠᠨ ᠴᠡᠮᠴᠡᠭᠡᠷ ᠪᠠᠢ᠌ᠳᠠᠯ ᠨᠢ ᠭᠡᠦᠭᠡᠤᠨ ᠪᠢᠳᠠᠨ ᠤ ᠰᠠᠤᠠᠭᠢᠯ ᠢ ᠰᠡᠷᠭᠦᠭᠡᠳᠡᠭ᠌ ᠣᠴᠢᠷ ᠪᠢᠳᠠ ᠡᠬᠦᠨ ᠢ ᠨᠢ ᠡᠵᠢ ᠭᠦᠢᠯᠡᠰᠤ ᠭᠡᠵᠤ ᠳᠠᠭᠤᠳᠠᠳᠠᠭ᠃ ᠬᠠᠶᠠ ᠬᠠᠷᠠᠭᠳᠠᠳᠠᠭ ᠪᠣᠭᠤᠨᠢᠬᠠᠨ ᠪᠠᠶ᠎ᠠ ᠲᠡᠶ ᠮᠤᠳᠤᠳ ᠢ ᠨᠢ ᠵᠤᠯᠵᠠᠭ᠎ᠠ ᠭᠦᠢᠯᠡᠰᠤ ᠭᠡᠳᠡᠭ᠌᠃ ᠡᠢ᠌ᠡᠭᠦ ᠪᠢᠳᠠ ᠭᠦᠢᠯᠡᠰᠤᠨ ᠮᠤᠳᠤ ᠪᠠᠨ ᠳᠤᠩ ᠪᠠᠬᠠᠷᠬᠠᠵᠤ ᠬᠠᠢ᠌ᠷᠠᠯᠠᠳᠠᠭ ᠰᠡᠡ ︕

ᠭᠦᠢᠯᠡᠰᠤᠨ ᠪᠠᠷᠭᠡ ᠠᠭᠤᠯᠡ ᠳᠤᠪᠤ ᠵᠢᠨ ᠤᠷᠤᠢ ᠵᠢ ᠬᠦᠷᠢᠶᠡᠯᠡᠨ ᠤᠷᠭᠤᠬᠰᠡᠨ ᠣᠴᠢᠷ ᠭᠦᠷᠦᠰᠤ ᠰᠢᠷᠤᠢ ᠳᠠᠴᠢᠷ ᠨᠢᠮᠭᠡᠨ ᠪᠢᠯᠠ᠃ ᠭᠡᠶ᠎ᠡ᠂ ᠵᠢᠯ ᠤᠨ ᠵᠢᠯ ᠪᠡᠬᠰᠢᠷᠡᠳᠡᠯ᠎ᠡ ᠰᠡᠭᠤᠳᠡᠬ ᠭᠦᠢᠯᠡᠰᠤ ᠨᠢ ᠶᠡᠷᠤᠨᠢ ᠬᠦᠮᠤᠰ ᠢ ᠳᠡᠭᠦᠨ ᠤ ᠬᠦᠷᠥᠰᠤ ᠰᠢᠷᠤᠢ ᠵᠢᠨ ᠳᠠᠴᠢᠷ ᠨᠢᠮᠭᠡᠨ ᠢ ᠮᠠᠷᠳᠠᠭᠤᠯᠳᠡᠬ᠃

ᠭᠦᠢᠯᠡᠰᠤ ᠬᠤᠸᠠᠷᠯᠠᠬᠤ ᠦᠶ᠎ᠡ ᠪᠣᠯᠤᠭᠰᠠᠭᠠᠷ ᠭᠡᠦᠭᠡᠤᠨ ᠪᠥᠬᠦᠳᠡ ᠵᠢᠨ ᠪᠠᠶᠠᠷ ᠪᠣᠯᠵᠤ᠂ ᠠᠩᠭᠢ ᠪᠦᠯᠭᠦᠮ ᠪᠣᠯᠵᠤ ᠠᠶ᠎ᠡ ᠳᠡᠭᠤᠤ ᠠᠶᠠᠯᠠᠭᠤᠯᠤᠨ᠂ ᠭᠦᠢᠯᠡᠰᠤᠨ ᠪᠠᠷᠭᠡ ᠪᠡᠷ ᠳᠤᠭᠤᠷᠢᠨ ᠳᠤᠭᠯᠠᠳᠡᠬ᠃

ᠭᠡᠦᠭᠡᠤᠨ ᠤᠨ ᠰᠤᠨᠢᠭᠤᠴᠢ ᠵᠠᠩ ᠭᠡᠭᠦ ᠦᠦ ᠳ᠋ᠠ ᠂ ᠨᠢᠬᠡᠨ ᠤᠳᠡᠭ᠎ᠡ ᠪᠢᠳᠡ ᠬᠦᠢᠯᠡᠰᠤᠨ ᠪᠡᠷᠬᠡ ᠤᠷᠤᠵᠤ᠂ ᠭᠠᠵᠠᠷ ᠰᠠᠢ ᠦᠭᠡᠶ ᠬᠦᠢᠯᠡᠰᠤᠨ ᠬᠤᠸᠡᠷ ᠢ ᠥᠵᠡᠵᠤ᠄《ᠭᠦᠢᠯᠡᠰᠤ᠂ ᠭᠦᠢᠯᠡᠰᠤ᠂ ᠶᠤᠰᠤᠳᠡᠢ ᠭᠤᠶᠤ ᠴᠠᠭᠠᠨ ᠬᠤᠸᠠᠷ ᠪᠤᠢ︕》 ᠭᠡᠵᠤ ᠤᠯᠡᠨ ᠵᠢᠡᠷ ᠵᠢᠡᠨ ᠪᠠᠷᠭᠢᠷᠠᠵᠤ ᠭᠠᠷᠤᠯ᠎ᠠ᠃

ᠡᠢ᠌ᠨᠬᠦ᠂ ᠬᠠᠮᠳᠤ ᠶᠡᠪᠤᠬᠰᠡᠨ ᠪᠦᠯᠤ ᠳᠡᠭᠦᠤ ᠪᠣᠯᠤᠳ ᠭᠡᠳᠥᠢ᠌ᠨ ᠬᠦᠢᠯᠡᠰᠤᠨ ᠮᠤᠳᠤᠨ ᠳᠡᠬᠡᠷ᠎ᠡ ᠮᠡᠴᠤᠨ ᠭᠠᠷᠴᠤ᠂ ᠳᠦᠭᠦᠷᠡᠩ ᠴᠡᠴᠡᠭᠯᠡᠭ᠍ᠰᠡᠨ ᠨᠢᠭᠡᠨ ᠰᠠᠯᠠᠭ᠎ᠠ ᠶᠢ ᠨᠢ《ᠱᠤᠸᠠᠷᠳ᠋︕》 ᠭᠡᠳᠡᠯ᠎ᠡ ᠴᠢᠨᠡᠭᠡ ᠮᠠᠳᠠᠨ ᠴᠢᠩᠭ᠋ᠠᠨ ᠳᠡᠭᠦᠵᠢᠯᠡᠭ᠍ᠳᠡᠭᠦ ᠳᠤ ᠪᠦᠭᠦᠢ᠌ᠯᠡ ᠮᠤᠳᠤ ᠨᠠᠢ᠌ᠭᠤᠯᠵᠠᠨ ᠭᠦᠳᠡᠯᠦᠭᠡᠤᠨ ᠰᠠᠶ‍ᠢᠬᠠᠨ ᠴᠡᠴᠡᠭᠯᠡᠭ᠍ᠰᠡᠨ ᠭᠦᠢᠯᠡᠰᠤᠨ ᠬᠤᠸᠠᠷ ᠤᠨ ᠳᠡᠯᠪᠢ ᠴᠠᠰᠤ ᠮᠡᠳᠤ ᠬᠠᠶᠡᠯᠡᠨ ᠪᠤᠳᠡᠷᠡᠨ᠎ᠡ᠃

《ᠪᠠᠢ᠌ᠵᠠ ᠂ ᠡᠪᠦᠭᠡ ᠨᠡᠷ ᠡ ︕ ᠪᠢᠳᠠ ᠠᠢ᠌ᠯ ᠡᠴᠡ ᠭᠠᠷᠴᠤ ᠢᠷᠡᠭᠦ ᠳᠡᠭᠡᠨ ᠪᠦᠷ ᠭᠡᠯᠡᠯᠴᠡᠵᠤ ᠳᠤᠭᠳᠠᠭᠰᠠᠨ ᠪᠢᠰᠢᠤ ︕ ᠭᠡᠨ ᠭᠡᠷᠪᠡ ᠭᠦᠢᠯᠡᠰᠤᠨ ᠮᠤᠳᠤ ᠶᠢ ᠬᠤᠭᠤᠯᠵᠤ ᠰᠥᠢᠦᠡᠭᠡᠪᠠᠯ ᠠᠢ᠌ᠯ ᠤᠨ ᠡᠪᠦᠭᠡ ᠳᠤ ᠮᠡᠳᠡᠭᠦᠯᠵᠤ ᠰᠢᠦᠡᠭᠡᠨ᠎ᠡ᠂ ᠪᠠᠰᠠ ᠮᠠᠨ ᠤ ᠪᠦᠯᠭᠦᠮ ᠡᠴᠡ ᠭᠦᠭᠡᠭᠡᠵᠤ ᠭᠠᠷᠭᠠᠨ᠎ᠠ ᠰᠢᠤ︕》ᠬᠡᠵᠤ ᠠᠯᠢ ᠨᠢᠬᠡ ᠨᠢ ᠰᠡᠨᠳᠤᠷᠤᠨ ᠶᠡᠷᠢᠨ᠎ᠡ᠃

ᠡᠭᠡ ᠪᠠᠢ᠌ᠭᠠᠯᠢ ᠡᠴᠡ ᠢᠪᠠᠭᠡᠨ ᠬᠠᠢ᠌ᠷᠠᠯᠠᠭᠰᠠᠨ ᠡᠨᠡᠭᠦ ᠭᠠᠩᠭ᠋ᠠᠨ ᠦᠵᠡᠮᠵᠢ ᠳᠤ᠂ ᠪᠢᠳᠡ ᠨᠢᠭᠤᠯᠴᠠᠭ᠎ᠠ ᠭᠢᠭᠦ᠂ ᠬᠤᠷᠤᠬᠠᠢ ᠪᠠᠷᠢᠬᠤ ᠵᠡᠷᠭᠡ ᠨᠠᠭᠠᠳᠤᠮ ᠳᠤᠭᠯᠠᠭᠠᠮ ᠵᠢᠡᠷ ᠵᠢᠡᠨ ᠪᠠᠯᠴᠢᠷ ᠨᠡᠰᠤᠨ ᠤ ᠮᠥᠷᠤᠬᠡᠳᠤᠯ ᠵᠢᠡᠨ ᠮᠦᠷ ᠶᠢᠡᠨ ᠥᠯᠡᠳᠡᠭᠡᠭ᠍ᠰᠡᠨ ᠪᠢᠯᠠ ᠃

ᠪᠢᠳᠠ ᠰᠠᠶ‍ᠢᠬᠠᠨ ᠰᠠᠭᠤᠵᠤ ᠭᠢᠮᠤᠰᠤᠨ ᠭᠢᠷᠢ ᠪᠣᠯᠤᠭᠰᠠᠨ ᠭᠦᠢᠯᠡᠰᠤ ᠶᠢ ᠳᠡᠭᠦᠵᠤ ᠢᠳᠡᠭᠦ ᠳᠤᠷᠠᠳᠠᠢ ᠂ ᠳᠡᠭᠡᠭᠡᠤᠨ ᠰᠢᠳᠤ ᠪᠠᠨ ᠬᠠᠪᠣᠭᠤᠯᠤᠭᠰᠠᠨ ᠣᠳᠠᠭ᠎ᠠ ᠴᠤ ᠣᠯᠠᠨ ᠪᠤᠢ ᠃ ᠨᠤᠪ ᠨᠤᠭᠤᠭᠠᠨ ᠨᠠᠪᠴᠢ ᠲᠡᠶ ᠭᠦᠢᠯᠡᠰᠤᠨ ᠮᠤᠳᠤᠨ ᠳᠡᠭᠡᠷ᠎ᠡ ᠰᠠᠭᠤᠭᠰᠠᠨ ᠨᠤᠪ ᠨᠤᠭᠤᠭᠠᠨ ᠥᠩᠭᠡ ᠶᠢᠨ ᠭᠦᠢᠯᠡᠰᠤ ᠠᠭᠠᠵᠢᠮ ᠶᠢᠡᠷ ᠰᠢᠷᠠᠯᠠᠪᠠᠯ ᠳᠠᠷᠤᠢ ᠭᠦᠢᠯᠡᠰᠤ ᠪᠣᠯᠪᠠᠰᠤᠷᠠᠭᠰᠠᠨ ᠪᠡᠢ᠌ᠳᠡᠬ᠂ ᠳᠡᠭᠡᠭᠦ ᠳ᠋ᠤᠨᠢ ᠪᠢᠳᠠ ᠭᠦᠢᠯᠡᠰᠤᠨ ᠪᠠᠷᠭᠡ ᠳᠤ ᠣᠴᠢᠬᠤ ᠳᠤᠷ᠎ᠠ ᠦᠭᠡᠶ ᠪᠣᠯᠳᠠᠭ᠃ ᠣᠴᠢᠷ ᠨᠢ ᠪᠢᠳᠠᠨ ᠤ ᠣᠷᠮ᠎ᠠ ᠶᠢ ᠳᠠᠳᠠᠬᠤ ᠵᠣᠢ᠌ᠯ ᠠᠯᠠᠭ᠎ᠠ ᠪᠣᠯᠵᠠᠢ᠃ ᠬᠠᠶᠠ ᠨᠢᠭᠡ ᠠᠢ᠌ᠯ ᠤᠨ ᠡᠭᠡᠴᠢ ᠶᠢ ᠳᠠᠭᠠᠵᠤ ᠣᠴᠢᠳᠠᠭ ᠨᠢ ᠴᠤ ᠳᠡᠭᠦᠨ ᠤ ᠬᠠᠩᠭᠢᠨᠠᠮ᠎ᠠ ᠰᠠᠢ᠌ᠬᠠᠨ ᠳᠠᠭᠤᠤ ᠶᠢ ᠰᠤᠨᠤᠰᠬᠤ ᠶᠢᠨ ᠳᠦᠯᠦᠭᠡ ᠶᠤᠮ ᠃ ᠠᠢ᠌ᠯ ᠤᠨ ᠡᠭᠡᠴᠢ ᠶᠢᠨ ᠴᠡᠭᠡᠯᠭᠡᠨ ᠢᠷᠠᠭᠤ ᠬᠤᠭᠤᠯᠠᠢ ᠭᠡᠵᠤ ᠳᠠᠢ᠌ᠮᠤ ᠯᠠ ᠭᠤᠨᠢᠬ ᠳᠡᠢ᠂ ᠳᠠᠢ᠌ᠮᠤ ᠯᠠ ᠰᠠᠤᠠᠭᠢᠯ ᠤᠨ ᠭᠦᠪᠴᠢ ᠶᠢ ᠳᠤᠷᠭᠢᠭᠤᠯᠳᠠᠭ ᠶᠤᠮ ᠡ ᠄

《 ᠭᠠᠬᠠᠢ ᠵᠢᠯ ᠤᠨ ᠭᠦᠢᠯᠡᠰᠤ ᠵᠧ ᠵᠧ

ᠭᠠᠵᠠᠷ ᠶᠢᠡᠨ ᠳᠠᠭᠠᠭᠠᠬᠤ ᠦᠭᠡᠶ ᠰᠠᠭᠤᠵᠤ ᠪᠠᠢ᠌ᠨ᠎ᠠ

ᠰᠠᠭᠠᠬᠠᠯᠳᠠ ᠠᠢ᠌ᠯ ᠤᠨ ᠦᠬᠢᠤᠨ ᠪᠠᠷᠢᠶᠠᠤᠨ ᠨᠢ

ᠰᠠᠭᠰᠤ ᠪᠠᠨ ᠳᠦᠭᠦᠷᠡᠳᠡᠯ᠎ᠡ ᠳᠡᠭᠦᠵᠤ ᠪᠠᠢ᠌ᠨ᠎ᠠ ︕ 》

ᠮᠢᠨᠤ ᠳᠡᠭᠦᠵᠤ ᠢᠷᠡᠭ᠍ᠰᠡᠨ ᠭᠦᠢᠯᠡᠰᠤᠨ ᠴᠦᠮ᠎ᠡ ᠶᠢ ᠡᠵᠢ ᠮᠢᠨᠢ ᠬᠤᠯᠪᠣᠵᠤ ᠭᠡᠯᠭᠢᠭᠡᠤᠨ ᠳᠡᠭᠦᠤ ᠶᠢᠨ ᠥᠯᠦᠭᠡᠢ ᠶᠢᠨ ᠬᠠᠷᠠᠢ ᠳᠡᠭᠡᠷ᠎ᠡ ᠡᠯᠭᠦᠵᠤ ᠥᠭ᠍ᠳᠡᠭ᠌᠃ ᠡᠭᠡᠴᠢ ᠮᠢᠨᠢ ᠳᠡᠭᠦᠵᠤ ᠢᠷᠡᠭ᠍ᠰᠡᠨ ᠭᠦᠢᠯᠡᠰᠤᠨ ᠴᠦᠮ᠎ᠡ ᠪᠠᠨ ᠳᠡᠭᠡᠷᠮ᠎ᠡ ᠳᠡᠭᠡᠷ᠎ᠡ ᠢᠩᠳᠠᠵᠤ ᠳᠠᠯᠬᠠᠳᠠᠭᠠᠤᠨ ᠳᠤᠰᠤ ᠶᠢ ᠨᠢ ᠰᠢᠷᠭᠠᠭᠠᠵᠤ ᠠᠪᠳᠠᠭ᠃ ᠪᠠᠭ᠎ᠠ ᠰᠤᠷᠭᠠᠭᠤᠯᠢ ᠳᠤ ᠪᠢᠴᠢᠭ᠌ ᠥᠵᠡᠳᠡᠭ᠌ ᠮᠢᠨᠤ ᠠᠬ᠎ᠠ ᠭᠦᠢᠯᠡᠰᠤᠨ ᠴᠦᠮ᠎ᠡ ᠶᠢ ᠬᠤᠷᠰᠢᠶᠠᠨ ᠳᠤ ᠠᠪᠠᠴᠢᠵᠤ ᠬᠤᠳᠠᠯᠳᠤᠭᠠᠤᠨ ᠴᠠᠭᠠᠰᠤ ᠪᠢᠷ ᠠᠪᠴᠢᠷᠠᠳᠠᠭ ᠭᠡᠯᠳᠡᠢ᠃

ᠬᠤᠯᠠ ᠶᠠᠪᠣᠵᠤ ᠪᠢᠴᠢᠭ᠌ ᠰᠤᠶᠤᠯ ᠤᠨ ᠮᠦᠷ ᠬᠦᠬᠡᠬᠥᠶ᠎ᠡ᠂ ᠨᠤᠳᠤᠬ ᠤᠨ ᠬᠦᠢᠯᠡᠰᠤᠨ ᠪᠡᠷᠬᠡ ᠶᠡᠷᠤᠨᠢ ᠰᠡᠳᠬᠢᠯ ᠳᠤ ᠬᠤᠨᠤᠬᠰᠢᠳᠡᠬ᠃ ᠡᠪᠦᠯ ᠴᠤ ᠪᠣᠯᠤᠭ ᠵᠤᠨ ᠴᠤ ᠪᠠᠢ᠌ᠭ ᠭᠦᠢᠯᠡᠰᠤᠨ ᠪᠠᠷᠭᠡ ᠪᠠᠷ ᠳᠤᠭᠤᠷᠢᠪᠠᠯ ᠰᠠᠤᠠᠭᠢᠯ ᠰᠡᠨᠡᠭ᠎ᠡ ᠠᠮᠤᠷᠵᠢᠳᠡᠬ ᠨᠢ ᠥᠨᠡᠨ᠃ ᠭᠡᠳᠡᠯ᠎ᠡ᠂ ᠤᠳᠤᠬᠠᠨ ᠳᠤ ᠭᠦᠢᠯᠡᠰᠤᠨ ᠪᠠᠷᠭᠡ ᠠᠢ᠌ᠯ ᠤᠨ ᠮᠢᠨᠢ ᠪᠣᠰᠤᠳ ᠭᠠᠵᠠᠷ ᠲᠡᠶ ᠠᠳᠠᠯᠢᠬᠠᠨ ᠡᠯᠡᠰᠤ ᠮᠠᠡᠭᠬᠠᠨ ᠳᠤ ᠳᠡᠭᠠᠷᠢᠬᠳᠡᠵᠤ᠂ ᠮᠤᠳᠤ ᠴᠡᠴᠡᠭ ᠨᠢ ᠴᠤ ᠶᠠᠪᠣᠬᠤ ᠳᠤᠳᠤᠮ ᠪᠡᠭᠠᠰᠴᠤ᠂ ᠭᠡᠳᠤᠨ ᠰᠠᠭᠤᠷᠢ ᠬᠠᠷᠭᠢᠯ ᠡᠴᠡ ᠪᠣᠰᠤᠳ ᠵᠣᠢ᠌ᠯ ᠠᠯᠡᠭ᠎ᠡ ᠪᠤᠯᠵᠡᠢ᠃ ᠡᠨᠡ ᠪᠣᠯ ᠶᠤᠰᠤᠳᠠᠢ ᠠᠮᠢ ᠠᠬᠤᠢ ᠳᠤ ᠶᠠᠪᠣᠭᠤᠯᠤᠭᠰᠠᠨ ᠶᠡᠭᠡ ᠭᠢᠳᠤᠯᠭ᠎ᠠ ᠪᠤᠯᠡᠢ ︕

ᠠᠭᠤᠯᠡ ᠳᠤᠪᠤ ᠵᠢ ᠪᠥᠷᠬᠦᠭ᠍ᠰᠡᠨ ᠭᠦᠢᠯᠡᠰᠤᠨ ᠪᠠᠷᠭᠡ ᠮᠢᠨᠢ᠂ ᠣᠳᠤ ᠪᠣᠯᠬᠤ ᠳᠤ ᠨᠢᠭᠡ ᠰᠠᠭᠤᠷᠢ ᠴᠤ ᠣᠯᠳᠠᠬᠤ ᠦᠭᠡᠶ ᠪᠣᠯᠤᠭᠰᠠᠨ᠁ ᠡᠢ᠌ᠨᠬᠦ᠂ ᠭᠤᠴᠢᠨ ᠵᠢᠯ ᠤᠨ ᠬᠣᠢ᠌ᠨ᠎ᠠ᠂ 1994 ᠣᠨ ᠳᠤ᠂ ᠠᠮᠢ ᠠᠬᠤᠢ ᠶᠢᠨ ᠭᠠᠮᠰᠢᠭ ᠊᠊᠊᠊᠊᠊᠊᠊᠊᠊᠊ ᠡᠯᠡᠰᠦᠷᠭᠡᠭ᠍ᠵᠢᠯ ᠤᠨ ᠨᠥᠯᠦᠭᠡ ᠪᠠᠷ ᠪᠦᠭᠦ ᠭᠠᠴᠠᠭ᠎ᠠ ᠵᠢ ᠨᠢᠭᠡᠳᠦᠯᠳᠡᠢ ᠰᠢᠯᠵᠢᠭᠦᠯᠦᠭ᠍ᠰᠡᠨ᠁ ᠡᠢ᠌ᠨᠬᠦ᠂ ᠨᠤᠳᠤᠬ ᠤᠨ ᠪᠡᠷ᠎ᠡ ᠭᠠᠵᠠᠷ ᠤᠨ ᠵᠢᠷᠤᠭ ᠡᠴᠡ ᠪᠠᠯᠠᠯᠠᠭᠳᠠᠬᠤ ᠵᠢᠨ ᠵᠡᠷᠬᠡ ᠪᠡᠯᠴᠢᠷ ᠪᠡᠬ᠎ᠡ ᠵᠢᠨ ᠳᠤᠷᠡᠰᠤᠮᠵᠢ ᠊᠊᠊᠊᠊᠊᠊᠊᠊ ᠭᠦᠢᠯᠡᠰᠤᠨ ᠪᠠᠷᠭᠡ ᠴᠤ ᠨᠤᠳᠤᠭ ᠤᠨ ᠭᠦᠮᠦᠰ ᠤᠨ ᠣᠶᠤᠨ ᠳᠠᠷᠢᠭᠢᠨ ᠡᠴᠡ ᠪᠠᠯᠠᠯᠠᠭᠳᠠᠬᠰᠡᠨ ᠪᠠᠢ᠌ᠬ᠎ᠠ ᠁


ᠵᠤᠬᠢᠶᠠᠭᠴᠢ᠄ ᠰ · ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6162
ᠴᠠᠭ᠄ 2009 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ