☆ ᠪᠠ᠊·ᠷᠢᠠᠴᠢᠨ
ᠪᠠᠭᠰᠢ ᠮᠢᠨᠤ
ᠳᠦᠷᠪᠠᠨ ᠳᠢᠪ ᠤᠨ ᠨᠢᠭᠤᠴᠠ ᠴᠤᠤᠵᠢ ᠵᠢ
ᠲᠦᠯᠭᠢᠭᠦᠷᠳᠡᠨ ᠨᠡᠭᠡᠭᠡᠭ᠍ᠴᠢ ᠪᠠᠭᠰᠢ ᠮᠢᠨᠤ᠂
ᠣᠳᠤᠨ ᠭᠠᠷᠠᠭ ᠤᠨ ᠠᠯᠳᠠᠨ ᠭᠠᠳᠠᠰᠤ ᠳ᠋ᠤ
ᠣᠷᠢᠯᠭ᠎ᠠ ᠠᠢ᠌ᠯᠠᠳᠬᠠᠭᠴᠢ ᠪᠠᠭᠰᠢ ᠮᠢᠨᠤ᠂
ᠨᠠᠷᠠᠨ ᠡᠨᠧᠷᠭᠢ ᠶᠢᠨ ᠣᠷᠳᠤᠨ ᠢ
ᠨᠢᠭᠳᠠᠯᠠᠨ ᠬᠠᠢ᠌ᠭᠴᠢ ᠪᠠᠭᠰᠢ ᠮᠢᠨᠤ᠂
ᠬᠤᠷᠸ᠎ᠠ ᠶᠢᠷᠳᠢᠠᠴᠤ ᠶᠢ ᠵᠠᠭᠢᠷᠬᠤ
ᠬᠤᠪᠢᠯᠭᠠᠨ ᠰᠢᠳᠢᠳᠤ ᠪᠠᠭᠰᠢ ᠮᠢᠨᠤ᠄
ᠡᠷᠭᠢᠮ ᠳᠡᠭᠡᠳᠤ ᠣᠶᠤᠨ ᠤ ᠴᠢᠮᠡᠭ᠌
ᠡᠷᠡᠨ ᠴᠠᠭ ᠤᠨ ᠪᠠᠯᠭᠡ ᠳᠡᠮᠳᠡᠭ᠌
ᠰᠢᠵᠢᠷ ᠢᠷᠡᠭᠡᠳᠦᠢ ᠶᠢᠨ ᠦᠷ ᠤᠨ ᠴᠤᠯᠮᠤᠨ
ᠰᠤᠶᠤᠯ ᠭᠦᠭ᠍ᠵᠢᠯ ᠤᠨ ᠨᠠᠷᠠᠨ ᠤ ᠳᠤᠶᠠᠭ᠎ᠠ
ᠰᠢᠷᠭᠢᠰᠢ ᠦᠭᠡᠶ ᠡᠷᠳᠡᠮ ᠤᠨ ᠪᠣᠯᠠᠭ
ᠰᠢᠨ᠎ᠡ ᠳᠤᠮᠳᠠᠳᠤ ᠶᠢᠨ ᠳᠤᠷᠭᠠᠨ ᠵᠢᠯᠤᠭᠤ
ᠰᠢᠯᠵᠢᠰᠢ ᠦᠭᠡᠶ ᠪᠠᠳᠤ ᠭᠤᠯᠤᠮᠳᠠ︕
ᠰᠠᠠᠰᠠᠷ ᠠᠪᠠᠢ ᠶᠢᠨ ᠭᠤᠶᠤᠮᠰᠢᠭ ᠴᠢᠮᠡᠭᠯᠡᠯ ᠢ
ᠰᠠᠶ᠎ᠠ ᠶᠢᠨ ᠦᠯᠦᠭᠡᠢ ᠳᠤ ᠰᠠᠭᠠᠳᠠᠭᠤᠯᠤᠨᠠ᠂
ᠥᠩᠭᠡ ᠶᠢᠨ ᠰᠠᠢ᠌ᠬᠠᠨ ᠰᠤᠯᠤᠩᠭ᠎ᠠ ᠵᠢ
ᠦᠨᠢᠷ ᠨᠤᠳᠤᠭ ᠲᠠᠭᠠᠨ ᠮᠢᠷᠠᠯᠵᠠᠭᠤᠯᠤᠨᠠ᠂
ᠪᠣᠯᠤᠷ ᠡᠷᠳᠡᠨᠢ ᠶᠢᠨ ᠠᠯᠳᠠᠨ ᠲᠦᠯᠭᠢᠭᠦᠷ ᠢ
ᠪᠣᠯᠪᠠᠷᠠᠢ ᠬᠣᠢ᠌ᠴᠢ ᠳᠠᠭᠠᠨ ᠠᠳᠬᠤᠭᠤᠯᠤᠨ᠎ᠠ᠂
ᠪᠣᠮᠠᠨ ᠦᠶ᠎ᠡ ᠶᠢᠨ ᠭᠡᠭᠡᠨ ᠪᠣᠳᠤᠯᠭ᠎ᠠ ᠵᠢ
ᠪᠣᠴᠠᠰᠢ ᠦᠭᠡᠶ ᠰᠤᠳᠤᠯᠤᠨ ᠰᠤᠨᠢᠷᠬᠠᠭᠤᠯᠤᠨ᠎ᠠ᠄
ᠡᠨᠡᠷᠢᠯ ᠤᠨ ᠳᠠᠯᠠᠢ ᠪᠠᠭᠰᠢ ᠮᠢᠨᠤ
ᠡᠯᠪᠠᠭ᠌ ᠠᠮᠢᠳᠤᠷᠠᠯ ᠤᠨ ᠪᠠᠶᠠᠯᠢᠭ ᠦᠷ᠎ᠡ︕
ᠰᠢᠡᠵᠢᠯᠡᠭᠦ ᠣᠬᠠᠭᠠᠠᠴᠢ ᠡᠯᠸᠺᠲ᠋ᠷᠤᠨ ᠢ ᠵᠠᠭᠢᠷᠤᠭᠴᠢ
ᠰᠢᠨᠠᠴᠢᠯᠠᠯᠳᠠ ᠳᠸᠭ᠍ᠨᠢᠭ᠌ ᠤᠨ ᠠᠮᠢᠯᠠᠯ ᠤᠨ ᠦᠨᠳᠦᠰᠦ︕
ᠮᠠᠠᠳᠤᠯ ᠳᠡᠭ᠍ᠵᠢᠷᠡᠯ ᠤᠨ ᠮᠢᠠᠳᠠᠰᠤᠨ ᠵᠥᠭᠯᠡᠭᠦᠷ
ᠮᠡᠷᠭᠡᠳ ᠡᠷᠳᠡᠮᠳᠡᠨ ᠤ ᠰᠦᠨᠠᠰᠤᠨ ᠴᠠᠮᠬᠠᠭ︕
ᠮᠠᠠᠳᠤᠬᠤ ᠴᠠᠭ ᠤᠨ ᠬᠤᠪᠢ ᠵᠠᠶᠠᠭ᠎ᠠ
ᠮᠠᠨ ᠤ ᠣᠯᠠᠨ ᠶᠠᠰᠤᠳᠠᠨ ᠤ ᠰᠦᠷ ᠰᠦᠯᠳᠡ︕
ᠵᠤᠬᠢᠶᠠᠭᠴᠢ ᠶᠢᠨ ᠬᠠᠶᠢᠭ᠄ ᠣᠯᠠᠭᠠᠠᠴᠠᠪ ᠬᠤᠳᠠ ᠶᠢᠨ ᠳᠦᠷᠪᠠᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠬᠤ ᠶᠢ ᠰᠤᠳᠤᠯᠬᠤ ᠳᠠᠰᠤᠭ
ᠵᠤᠬᠢᠶᠠᠭᠴᠢ᠄ ᠪᠠ᠊·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 4803
ᠴᠠᠭ᠄ 2010 ᠤᠨ ᠤ 09 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ