ᠨᠡᠪᠲᠡᠷᠡᠨ ᠤᠷᠤᠬᠤ
ᠴᠢᠷᠮᠠᠢ᠌ᠨ ᠰᠤᠷᠤᠯᠴᠠᠶ᠎ᠠ
ᠬᠤᠯᠪᠣᠭ᠎ᠠ


          ᠠᠷᠠᠯᠳᠤ ᠬᠤᠭᠤᠷ ᠶᠢᠡᠨ ᠠᠳᠬᠤᠯ᠎ᠠ

          ᠠᠶᠠᠯᠠᠭᠤ ᠭᠦᠭ᠍ᠵᠢᠮ ᠶᠢᠡᠨ ᠡᠭᠦᠰᠭᠡᠯ᠎ᠡ

          ᠠᠪᠢᠶᠠᠰ ᠪᠢᠯᠢᠭ᠌ ᠲᠡᠶ ᠰᠤᠷᠤᠭᠴᠢᠳ ᠳᠠᠭᠠᠨ

          ᠠᠮᠠᠨ ᠬᠤᠯᠪᠣᠭ᠎ᠠ ᠭᠡᠯᠡᠵᠤ ᠦᠭ‍ᠭᠦᠶ᠎ᠡ

ᠬᠤᠭᠤᠷ ᠶᠢᠡᠨ ᠪᠠᠷᠢᠭᠠᠤᠨ ᠰᠠᠭᠤᠯ᠎ᠠ

ᠬᠤᠷᠤᠭᠤ ᠪᠠᠷ ᠶᠢᠡᠨ ᠳᠠᠷᠤᠭᠠᠤᠨ ᠭᠦᠭ᠍ᠵᠢᠮᠳᠡᠯ᠎ᠡ

ᠬᠤᠷᠴᠠ ᠰᠡᠷᠭᠦᠯᠡᠩ ᠰᠤᠷᠤᠭᠴᠢᠳ ᠳᠠᠭᠠᠨ

ᠬᠤᠯᠪᠣᠭ᠎ᠠ ᠭᠡᠯᠡᠵᠤ ᠰᠤᠨᠢᠷᠬᠠᠭᠤᠯᠤᠶ᠎ᠠ

          ᠲ᠋ᠠᠰᠬᠠᠯ ᠳᠠᠭᠠᠯᠭᠠᠪᠣᠷᠢ ᠪᠦᠭᠦᠨ ᠵᠢᠠᠨ

          ᠲ᠋ᠠᠪᠠᠭᠤ ᠰᠠᠢ᠌ᠨ ᠪᠠᠶᠡᠯᠡᠭᠦᠯᠦᠯ᠎ᠡ

          ᠲ᠋ᠠᠷᠠᠭᠠᠴᠢ ᠶᠢᠨ ᠰᠤᠷᠤᠯᠭ᠎ᠠ ᠶᠢᠨ ᠪᠡᠯᠡᠳᠭᠡᠯ ᠵᠢᠠᠨ

          ᠲ᠋ᠠᠩᠴᠢ ᠰᠠᠢ᠌ᠬᠠᠨ ᠭᠢᠯ᠎ᠠ

ᠡᠪᠦᠯ ᠤᠨ ᠬᠤᠭᠤᠴᠠᠭᠠᠨ ᠤ ᠠᠮᠠᠷᠠᠯᠳᠠ ᠪᠠᠨ

ᠡᠷᠡᠭᠦᠯ ᠮᠡᠡᠳᠦᠭᠡᠨ ᠥᠩᠭᠡᠷᠡᠭᠦᠯᠦᠭᠡᠳ

ᠡᠷᠳᠡᠮ ᠤᠨ ᠳᠠᠯᠠᠢ ᠳᠤ ᠰᠤᠮᠪᠠᠬᠤ ᠪᠠᠷ

ᠡᠭᠡ ᠰᠤᠷᠭᠠᠭᠤᠯᠢ ᠳᠠᠭᠠᠨ ᠢᠷᠡᠵᠡᠭᠡᠯ᠎ᠡ

          ᠪᠠᠶᠠᠨ ᠳᠠᠩᠰᠤᠭ ᠴᠠᠭᠠᠨ ᠰᠠᠷ᠎ᠠ ᠪᠠᠨ

          ᠪᠠᠶᠠᠷ ᠭᠦᠷ ᠶᠢᠡᠷ ᠪᠢᠯᠬᠠᠭᠤᠯᠤᠭᠠᠤᠨ

          ᠪᠠᠢ᠌ᠳᠠᠭ ᠡᠷᠳᠡᠮ ᠶᠢᠡᠨ ᠶᠡᠭᠦᠯᠡᠵᠤ ᠪᠠᠢ᠌ᠬᠤ

          ᠪᠠᠭᠰᠢ ᠳᠠᠭᠠᠨ ᠢᠷᠡᠭᠡᠳ ᠵᠤᠯᠭᠠᠯ᠎ᠠ

ᠰᠢᠨ᠎ᠡ ᠰᠤᠷᠤᠯᠭ᠎ᠠ ᠡᠭᠢᠯᠡᠯ᠎ᠡ

ᠰᠢᠮᠳᠠᠨ ᠴᠢᠷᠮᠠᠢ᠌ᠨ ᠰᠤᠷᠤᠯᠴᠠᠶ᠎ᠠ

ᠰᠢᠯᠢᠳᠡᠭ᠌ ᠰᠤᠷᠤᠭᠴᠢ ᠪᠣᠯᠬᠤ ᠪᠠᠷ

ᠰᠢᠷᠭᠠᠭᠤ ᠴᠢᠷᠮᠠᠢ᠌ᠨ ᠰᠤᠷᠤᠯᠴᠠᠶ᠎ᠠ

          ᠠᠴᠢᠳᠤ ᠪᠠᠭᠰᠢ ᠶᠢᠨ ᠵᠢᠭᠠᠬᠤ ᠶᠢ

          ᠠᠩᠬᠠᠷᠴᠤ ᠴᠢᠷᠮᠠᠢ᠌ᠨ ᠰᠤᠷᠤᠯᠴᠠᠶ᠎ᠠ

          ᠠᠯᠳᠠᠭ᠎ᠠ ᠪᠣᠷᠤᠭᠤ ᠲᠡᠶ ᠰᠠᠳᠤᠪ ᠵᠢᠠᠨ

          ᠠᠰᠠᠭᠤᠵᠤ ᠴᠢᠷᠮᠠᠢ᠌ᠨ ᠰᠤᠷᠤᠯᠴᠠᠶ᠎ᠠ

ᠬᠠᠮᠳᠤ ᠨᠥᠭᠦᠤᠨ ᠪᠦᠭᠦᠳᠡᠭᠡᠷ ᠵᠢᠠᠨ

ᠬᠠᠷᠢᠯᠴᠠᠨ ᠴᠢᠷᠮᠠᠢ᠌ᠨ ᠰᠤᠷᠤᠯᠴᠠᠶ᠎ᠠ

ᠬᠠᠶᠠᠭᠳᠠᠵᠤ ᠬᠤᠴᠤᠷᠠᠵᠤ ᠪᠠᠢ᠌ᠬᠤ ᠪᠠᠨ

ᠬᠠᠪᠰᠤᠷᠠᠵᠤ ᠴᠢᠷᠮᠠᠢ᠌ᠨ ᠰᠤᠷᠤᠯᠴᠠᠶ᠎ᠠ

          ᠰᠠᠭᠢᠯᠭ᠎ᠠ ᠪᠠᠳᠤ ᠵᠢ ᠵᠢᠷᠤᠮᠯᠠᠭᠠᠳ

          ᠰᠠᠢ᠌ᠳᠤᠷ ᠴᠢᠷᠮᠠᠢ᠌ᠨ ᠰᠤᠷᠤᠯᠴᠠᠶ᠎ᠠ

          ᠱᠠᠩᠨᠠᠯ ᠭᠦᠭᠢᠭᠦᠯᠦᠯ ᠭᠦᠷᠳᠡᠭᠦ ᠪᠠᠷ

          ᠰᠠᠨᠠᠭᠠᠰᠢᠷᠠᠵᠤ ᠴᠢᠷᠮᠠᠢ᠌ᠨ ᠰᠤᠷᠤᠯᠴᠠᠶ᠎ᠠ

ᠵᠠᠷᠤᠳᠠᠯ ᠮᠦᠩᠭᠦ ᠪᠠᠨ ᠠᠷᠪᠢᠯᠠᠵᠤ

ᠵᠤᠭᠢᠰᠳᠠᠢ ᠴᠢᠷᠮᠠᠢ᠌ᠨ ᠰᠤᠷᠤᠯᠴᠠᠶ᠎ᠠ

ᠵᠠᠭᠤᠨ ᠬᠤᠪᠢ ᠣᠯᠬᠤ ᠪᠠᠷ

ᠵᠤᠷᠢᠭ ᠲᠡᠶ ᠴᠢᠷᠮᠠᠢ᠌ᠨ ᠰᠤᠷᠤᠯᠴᠠᠶ᠎ᠠ

          ᠠᠩᠭᠢ ᠠᠩᠭᠢ ᠬᠤᠭᠤᠷᠤᠠᠳᠤ  ᠪᠠᠨ

          ᠠᠳᠠᠯᠢᠳᠬᠠᠨ ᠴᠢᠷᠮᠠᠢ᠌ᠨ ᠰᠤᠷᠤᠯᠴᠠᠶ᠎ᠠ

          ᠠᠯᠢ ᠠᠯᠢ ᠳᠠᠭᠠᠨ ᠠᠪᠳᠠᠬᠤ ᠥᠭᠡᠢ

          ᠠᠳᠠᠯᠢᠬᠠᠨ ᠴᠢᠷᠮᠠᠢ᠌ᠨ ᠰᠤᠷᠤᠯᠴᠠᠶ᠎ᠠ

ᠡᠯ᠎ᠡ ᠳᠦᠷᠤᠯ ᠤᠨ ᠭᠢᠴᠢᠶᠠᠯ ᠵᠢᠠᠨ

ᠡᠷᠴᠢᠮᠳᠡᠢ ᠴᠢᠷᠮᠠᠢ᠌ᠨ ᠰᠤᠷᠤᠯᠴᠠᠶ᠎ᠠ

ᠡᠯᠳᠡᠪ ᠮᠠᠭᠤ ᠰᠤᠷᠳᠠᠯ ᠢ

ᠡᠭ᠍ᠳᠡᠭᠦᠴᠡᠵᠤ ᠴᠢᠷᠮᠠᠢ᠌ᠨ ᠰᠤᠷᠤᠯᠴᠠᠶ᠎ᠠ

          ᠪᠣᠯᠪᠠᠰᠤᠨ ᠮᠤᠷᠠᠯ ᠢ ᠡᠷᠭᠢᠮᠯᠡᠵᠤ

          ᠪᠣᠳᠠᠳᠠᠢ ᠪᠠᠷ ᠴᠢᠷᠮᠠᠢ᠌ᠨ ᠰᠤᠷᠤᠯᠴᠠᠶ᠎ᠠ

          ᠪᠣᠵᠠᠷ ᠭᠡᠮ ᠢ ᠰᠡᠷᠭᠡᠢ᠌ᠯᠡᠵᠤ

          ᠡᠷᠡᠭᠦᠯ ᠶᠢᠡᠷ ᠴᠢᠷᠮᠠᠢ᠌ᠨ ᠰᠤᠷᠤᠯᠴᠠᠶ᠎ᠠ

ᠭᠢᠷᠢ ᠪᠦᠳᠦᠮᠵᠢ ᠨᠢ ᠦᠨᠳᠦᠷ ᠪᠣᠯᠪᠠᠴᠤ

ᠭᠢᠨᠠᠮᠠᠭᠠᠢ ᠴᠢᠷᠮᠠᠢ᠌ᠨ ᠰᠤᠷᠤᠯᠴᠠᠶ᠎ᠠ

ᠭᠡᠨ ᠨᠢᠭᠡ ᠨᠢ ᠣᠷᠢᠳᠠᠬᠤ ᠡᠴᠠ

ᠭᠢᠴᠢᠶᠡᠨ ᠴᠢᠷᠮᠠᠢ᠌ᠨ ᠰᠤᠷᠤᠯᠴᠠᠶ᠎ᠠ

          ᠲ᠋ᠠᠪᠳᠠᠭᠠᠤᠨ ᠪᠠᠢ᠌ᠪᠠᠯ ᠪᠣᠯᠪᠠᠰᠤᠷᠠᠨ᠎ᠠ

          ᠲ᠋ᠠᠭᠢᠨ ᠴᠢᠷᠮᠠᠢ᠌ᠨ ᠰᠤᠷᠤᠯᠴᠠᠶ᠎ᠠ

          ᠲ᠋ᠠᠭᠠᠭᠠᠤᠨ ᠪᠠᠢ᠌ᠪᠠᠯ ᠬᠤᠴᠤᠷᠠᠨ᠎ᠠ

          ᠲ᠋ᠠᠪᠠᠨ ᠴᠢᠷᠮᠠᠢ᠌ᠨ ᠰᠤᠷᠤᠯᠴᠠᠶ᠎ᠠ

ᠮᠡᠳᠡᠯᠭᠡ ᠶᠢᠨ ᠣᠷᠭᠢᠯ ᠳᠤ ᠭᠠᠷᠬᠤ ᠪᠠᠷ

ᠮᠠᠷᠠᠢ᠌ᠨ ᠴᠢᠷᠮᠠᠢ᠌ᠨ ᠰᠤᠷᠤᠯᠴᠠᠶ᠎ᠠ

ᠮᠡᠷᠭᠡᠵᠢᠯᠳᠡᠨ ᠴᠢᠳᠠᠪᠣᠷᠢᠳᠠᠨ ᠪᠣᠯᠬᠤ ᠪᠠᠷ

ᠮᠥᠴᠡᠷᠭᠡᠨ ᠴᠢᠷᠮᠠᠢ᠌ᠨ ᠰᠤᠷᠤᠯᠴᠠᠶ᠎ᠠ

          ᠣᠶᠤᠨ ᠤ ᠲᠦᠯᠭᠢᠭᠦᠷ ᠢ ᠠᠳᠬᠤᠬᠤ ᠪᠠᠷ

          ᠣᠠᠴᠠᠭᠠᠢ᠌ᠯᠠᠨ ᠴᠢᠷᠮᠠᠢ᠌ᠨ ᠰᠤᠷᠤᠯᠴᠠᠶ᠎ᠠ

          ᠣᠶᠤᠳᠠᠨ ᠰᠡᠭᠡᠳᠡᠨ ᠪᠣᠯᠬᠤ ᠪᠠᠷ

          ᠣᠷᠤᠯᠳᠤᠨ ᠴᠢᠷᠮᠠᠢ᠌ᠨ ᠰᠤᠷᠤᠯᠴᠠᠶ᠎ᠠ

ᠰᠤᠷᠬᠤ ᠶᠢᠨ ᠳᠠᠢ᠌ᠰᠤᠨ ᠪᠠᠷᠳᠠᠮᠨᠠᠬᠤ

ᠰᠤᠷᠭᠠᠮᠵᠢ ᠪᠣᠯᠭᠠᠨ ᠴᠡᠭᠡᠷᠯᠡᠶ᠎ᠡ

ᠰᠤᠷᠤᠯᠭ᠎ᠠ ᠮᠤᠷᠠᠯ ᠬᠤᠤᠰᠯᠠᠭᠰᠠᠨ

ᠰᠤᠳᠤᠨ ᠰᠤᠷᠤᠭᠴᠢ ᠪᠣᠯᠵᠠᠭᠠᠶ᠎ᠠ

        《ᠴᠢᠷᠮᠠᠢ᠌ᠨ ᠰᠤᠷᠤᠯᠴᠠᠭᠠᠷᠠᠢ ᠦᠷ᠎ᠡ ᠮᠢᠨᠢ ᠡ ︕》 ᠭᠡᠵᠤ

          ᠴᠢᠩᠭ᠎ᠠ ᠵᠠᠭᠢᠯ᠎ᠠ ᠠᠪᠣ ᠡᠵᠢ ᠮᠢᠨᠢ

          ᠴᠠᠯᠠᠭᠠᠢ ᠬᠠᠭᠤᠮᠠᠭᠠᠢ ᠠᠭᠠᠰᠢᠯᠠᠪᠠᠯ

          ᠴᠤᠬᠤᠮ ᠣᠰᠤᠯ ᠪᠣᠯᠬᠤ ᠶᠤᠮ

ᠨᠢᠭᠡ ᠶᠢ ᠨᠥᠭᠦᠪᠦᠷᠢᠯᠡᠵᠤ᠂ ᠬᠤᠶᠠᠷ ᠢ ᠭᠡᠯᠳᠦᠷᠢᠭᠦᠯᠵᠤ

ᠨᠠᠮ ᠵᠠᠰᠠᠭ ᠡᠴᠠ ᠬᠠᠯᠠᠮᠵᠢᠯᠠᠵᠤ ᠪᠠᠢ᠌ᠨ᠎ᠠ

ᠨᠡᠭᠡᠷᠡᠨ ᠴᠢᠷᠮᠠᠢ᠌ᠨ ᠰᠤᠷᠤᠯᠴᠠᠬᠤ ᠦᠭᠡᠶ ᠪᠣᠯ

ᠨᠡᠢ᠌ᠭᠡᠮ ᠤᠨ ᠰᠢᠬᠠᠷᠤ ᠪᠣᠯᠤᠨ᠎ᠠ ᠳ᠋ᠠ

          ᠵᠢᠭᠠᠯ ᠪᠠᠭ᠎ᠠ ᠨᠠᠰᠤᠨ ᠡᠴᠠ ᠪᠠᠨ

          ᠵᠠᠪᠳᠤᠨ ᠴᠢᠷᠮᠠᠢ᠌ᠨ ᠰᠤᠷᠤᠯᠴᠠᠶ᠎ᠠ

          ᠵᠠᠰᠠᠭ ᠳᠦᠷᠤ ᠪᠡᠨ ᠬᠠᠮᠠᠭᠠᠯᠠᠬᠤ

          ᠵᠠᠩᠵᠤᠨ ᠪᠠᠭᠠᠳᠤᠷ ᠪᠣᠯᠵᠠᠭᠠᠶ᠎ᠠ

ᠪᠠᠭ᠎ᠠ ᠨᠠᠰᠤᠨ ᠡᠴᠠ ᠪᠠᠨ ᠴᠢᠷᠮᠠᠢ᠌ᠨ ᠰᠤᠷᠤᠯᠴᠠᠵᠤ

ᠪᠠᠳᠤ ᠰᠠᠭᠤᠷᠢ ᠶᠢ ᠳᠠᠯᠪᠢᠶ᠎ᠠ

ᠪᠠᠳᠠᠷᠠᠨ ᠭᠦᠭ᠍ᠵᠢᠭᠦ ᠣᠯᠤᠰ ᠣᠷᠤᠨ ᠤ ᠪᠠᠨ

ᠪᠠᠭᠠᠨ᠎ᠠ ᠳᠤᠯᠭᠠᠭᠤᠷᠢ ᠪᠣᠯᠵᠠᠭᠠᠶ᠎ᠠ ︕


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠤᠤᠯ ᠤᠨ ᠪᠠᠢ᠌ᠰᠢᠩ ᠪᠠᠯᠭᠠᠰᠤ᠃

ᠵᠤᠬᠢᠶᠠᠭᠴᠢ᠄ ᠣᠷᠠᠯᠢᠭ (ᠬᠠᠨ ᠹᠦ᠋ ᠯᠢᠨ)
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11111
ᠴᠠᠭ᠄ 2013 ᠤᠨ ᠤ 07 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ