☆ ᠴᠡᠯᠡᠭᠡᠷ
ᠮᠤᠳᠤᠨ ᠤ ᠳᠤᠷᠠᠳᠬᠠᠯ ᠤᠳ
ᠦᠴᠦᠭᠡᠳᠦᠷ ᠪᠢ ᠬᠠᠵᠠᠭᠤ ᠪᠠᠷ ᠴᠢᠨᠢ ᠥᠩᠭᠡᠷᠡᠭᠦ ᠳ᠋ᠤ
ᠥᠯᠦᠰᠭᠦᠯᠡᠩ ᠴᠢᠨ᠋ᠸ᠎ᠠ ᠰᠢᠭ ᠳᠠᠮᠤᠷ ᠭᠢᠷᠦᠭᠡ
ᠦᠯᠦᠨ ᠴᠢᠳᠭᠦᠷ ᠰᠢᠭ ᠭᠡᠳᠤᠨ ᠭᠦᠮᠤᠨ
ᠣᠭ ᠡᠴᠠ ᠴᠢᠨᠢ ᠴᠢᠮ᠎ᠠ ᠶᠢ ᠣᠭᠳᠤᠯᠵᠤ ᠪᠠᠢ᠌ᠭᠰᠠᠨ
ᠴᠠᠭᠢᠯᠭᠠᠨ ᠵᠢᠷᠦᠭᠡᠨ ᠤ ᠬᠤᠷᠴᠠ ᠠᠷᠠᠭ᠎ᠠ
ᠴᠢᠩ ᠡᠴᠠ ᠴᠤ ᠦᠨᠳᠦᠷ ᠨᠠᠰᠤᠳᠠᠢ ᠴᠢᠮ᠎ᠠ ᠶᠢ ᠣᠳᠤᠯᠬᠤ ᠳ᠋ᠤ
ᠴᠢᠭᠢᠨ ᠭᠡᠩᠭᠡᠷᠭᠡ ᠳᠡᠯᠪᠠᠷᠡᠭᠦᠯᠳᠡᠯᠡ ᠴᠢᠷᠠᠯᠠᠵᠤ ᠪᠠᠢ᠌ᠭᠰᠠᠨ ᠶᠤᠮ
ᠬᠠᠭᠢᠷ ᠡᠪᠦᠯ ᠤᠨ ᠭᠦᠢᠳᠡᠨ ᠵᠢᠪᠠᠷ ᠳᠤ
ᠬᠠᠴᠠᠷ ᠶᠢᠡᠨ ᠵᠢᠮᠭᠢᠨᠡᠭᠦᠯᠦᠭᠡᠳ ᠪᠢ ᠪᠠᠭᠡᠷᠡᠵᠤ ᠶᠠᠪᠣᠭᠰᠠᠨ ᠶᠤᠮ᠃
ᠳᠠᠪᠠᠷᠢ ᠳᠤ ᠪᠠᠭᠳᠠᠬᠤ ᠦᠭᠡᠶ ᠪᠦᠳᠦᠭᠦᠨ ᠳᠤ ᠴᠢᠨᠢ
ᠵᠠᠭᠤᠨ ᠣᠷᠳᠤ ᠰᠠᠨᠠᠭᠳᠠᠭᠰᠠᠨ ᠴᠤ ᠳᠠᠩᠴᠤ ᠣᠬᠤᠷ ᠢ ᠨᠢ ᠮᠡᠳᠡᠷᠡᠭ᠍ᠰᠡᠨ
ᠳᠡᠷᠭᠡᠳᠡ ᠳᠤ ᠨᠢ ᠪᠢ ᠵᠥᠪᠭᠡᠨ ᠨᠢᠳᠤ ᠠᠨᠢᠰᠬᠤ ᠬᠤᠷᠤᠮ ᠪᠠᠢ᠌ᠭᠰᠠᠨ
ᠳᠡᠭ᠍ᠷᠢ ᠶᠢᠨ ᠨᠠᠷᠠᠨ ᠴᠢᠮ᠎ᠠ ᠳᠡᠭᠡᠷ᠎ᠡ ᠳᠤᠰᠴᠤ
ᠳᠡᠯᠭᠡᠷ ᠨᠠᠮᠠᠭᠠᠨ ᠡᠴᠠ ᠴᠢᠨᠢ ᠰᠢᠪᠠᠭᠤᠳ ᠵᠢᠷᠭᠢᠭᠦ ᠳ᠋ᠤ
ᠳᠠᠰᠤᠭᠰᠠᠨ ᠠᠮᠠᠷᠠᠭ ᠨᠠᠢ᠌ᠵᠠ ᠲᠡᠶ ᠪᠠᠨ ᠳᠠᠠᠳᠠ ᠡᠴᠠ ᠰᠠᠯᠤᠯᠴᠠᠭᠰᠠᠨ
ᠳᠡᠯᠡᠭᠡᠢ ᠳᠠᠩᠴᠤ ᠭᠤᠶᠤ ᠳᠠᠩᠳᠠ ᠵᠤᠨ ᠶᠢᠡᠷ ᠵᠢᠠᠨ
ᠳᠠᠷᠠ ᠦᠶ᠎ᠡ ᠳᠤ ᠪᠢ ᠬᠠᠮᠤᠭ ᠵᠢᠷᠭᠠᠯ ᠲᠡᠶ ᠪᠠᠢ᠌ᠭᠰᠠᠨ᠃
ᠦᠨᠦᠳᠤᠷ ᠪᠢ ᠬᠠᠵᠠᠭᠤ ᠪᠠᠷ ᠴᠢᠨᠢ ᠥᠩᠭᠡᠷᠡᠵᠤ ᠶᠠᠪᠣᠨ᠎ᠠ
ᠥᠶᠡᠷᠭᠡᠵᠤ ᠶᠠᠪᠣᠭᠰᠠᠨ ᠡᠳᠦᠷ ᠬᠤᠨᠤᠭ ᠤᠳ
ᠦᠨᠳᠦᠷ ᠮᠤᠳᠤ ᠲᠡᠶ ᠴᠤᠭ ᠡᠯᠦᠢ ᠬᠤᠯᠤᠢ᠃
ᠦᠯᠠᠳᠠᠵᠤ ᠬᠤᠴᠤᠷᠤᠭᠰᠠᠨ ᠴᠢᠨᠤ ᠢᠷᠤᠭᠠᠷ
ᠭᠠᠵᠠᠷ ᠤᠨ ᠳᠠᠮᠠᠭ᠎ᠠ ᠪᠣᠯᠤᠨ ᠭᠦᠷᠦᠰᠤ ᠬᠠᠳᠬᠤᠨ᠎ᠠ
ᠥᠨᠡᠷᠭᠡᠵᠤ ᠭᠡᠯᠡᠭ᠍ᠰᠡᠨ ᠭᠠᠭᠴᠠ ᠬᠤᠶᠠᠷ ᠥᠭᠡᠰ
ᠦᠨᠦᠴᠢᠷᠠᠵᠤ ᠡᠵᠡᠭᠦᠢᠷᠡᠭ᠍ᠰᠡᠨ ᠰᠡᠳᠭᠢᠯ ᠢ ᠬᠠᠭᠤᠷᠠᠨᠠ᠃
ᠵᠤᠬᠢᠶᠠᠭᠴᠢ ᠶᠢᠨ ᠬᠠᠶᠢᠭ ᠄ ᠣᠷᠳᠤᠰ
ᠵᠤᠬᠢᠶᠠᠭᠴᠢ᠄ ᠴᠡᠯᠡᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2011 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ