☆ ᠪᠠ᠊·ᠤᠳᠬᠤᠠᠪᠠᠭᠠᠳᠤᠷ
ᠪᠣᠴᠠᠬᠤ ᠰᠢᠪᠠᠭᠤ
ᠪᠣᠴᠠᠬᠤ ᠰᠢᠪᠠᠭᠤᠳ ᠤᠨ
ᠨᠢᠰᠤᠯᠳᠠ ᠶᠢᠨ ᠴᠢᠮᠡᠭᠡ ᠪᠠᠷ
ᠣᠮᠠᠷᠠᠳᠤ ᠶᠢᠨ ᠭᠦᠷᠦᠰᠤ
ᠣᠶᠠᠰᠳᠠᠭ ᠪᠠᠢ᠌ᠪᠠ
ᠴᠠᠰᠤᠨ ᠬᠤᠴᠢᠯᠭ᠎ᠠ ᠲᠡᠶ
ᠳᠠᠯᠠᠨ ᠬᠠᠷ᠎ᠠ ᠴᠤ
ᠳᠠᠷᠠ ᠪᠠᠨ ᠥᠵᠡᠭᠦᠯᠵᠤ
ᠮᠡᠯᠮᠡᠷᠡᠳᠡᠭ᠌ ᠪᠠᠢ᠌ᠪᠠ
ᠬᠠᠳᠤᠨ ᠭᠤᠤᠯ
ᠡᠮᠦᠰᠭᠡᠯ ᠶᠢᠡᠨ ᠳᠠᠢ᠌ᠯᠵᠤ
ᠣᠷᠤᠰᠬᠠᠯ ᠤᠨ ᠲᠦᠯᠭᠢᠭᠡᠨ ᠶᠢᠡᠷ ᠶᠢᠡᠨ
ᠣᠭᠳᠤᠳᠠᠭ ᠪᠠᠢ᠌ᠪᠠ
ᠡᠮᠦᠨᠡᠳᠤ ᠣᠷᠤᠨ ᠤ
ᠴᠢᠯᠡᠭᠡ ᠶᠢ ᠳᠠᠢ᠌ᠯᠵᠤ
ᠣᠯᠠᠷᠢᠯ ᠤᠨ ᠡᠭᠡᠰᠢᠭ᠌ ᠶᠢᠡᠷ
ᠳᠠᠭᠤᠯᠠᠳᠠᠭ ᠴᠤ ᠪᠠᠢ᠌ᠪᠠ
ᠭᠠᠩᠳᠠᠭᠰᠠᠨ ᠵᠢᠯ ᠤᠨ
ᠳᠤᠭᠤᠰᠤ ᠶᠢ ᠮᠠᠷᠳᠠᠵᠤ
ᠭᠠᠯᠠᠭᠤ ᠰᠢᠪᠠᠭᠤᠳ
ᠪᠣᠴᠠᠳᠠᠭ ᠴᠤ ᠶᠤᠮ
ᠦᠳᠦ ᠪᠦᠷᠢᠳᠦᠵᠤ
ᠨᠢᠰᠦᠭ᠍ᠰᠡᠨ ᠭᠦᠷᠦᠰᠤ ᠪᠠᠨ
ᠦᠨᠦᠷ ᠶᠢᠡᠷ ᠨᠢ ᠳᠠᠨᠢᠵᠤ
ᠢᠷᠡᠳᠡᠭ᠌ ᠴᠤ ᠪᠠᠢ᠌ᠪᠠ
ᠠᠮᠢ ᠨᠠᠰᠤᠨ ᠤ
ᠳᠠᠭᠤᠯᠠᠯ ᠢᠩᠭᠢᠵᠤ
ᠣᠯᠠᠷᠢᠯ ᠨᠡᠭᠦᠯᠭᠡᠨ
ᠦᠷᠭᠦᠯᠵᠢᠯᠡᠳᠡᠭ᠌ ᠶᠤᠮ
ᠠᠮᠢᠳᠠᠨ ᠭᠤᠤᠯᠳᠠᠨ ᠤ
ᠶᠢᠷᠳᠢᠠᠴᠤ ᠶᠠᠷᠤ ᠨᠢ
ᠠᠵᠠ ᠪᠠᠷ ᠳᠠᠭᠤᠯᠴᠠᠨ
ᠣᠷᠤᠩᠨᠠᠳᠠᠭ ᠴᠤ ᠪᠠᠢ᠌ᠪᠠ᠃
2012 . 3 . 8 ᠬᠦᠬᠡᠬᠤᠲᠠ ᠳ᠋ᠤ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2674
ᠴᠠᠭ᠄ 2012 ᠤᠨ ᠤ 03 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ