☆ ᠪᠣᠷᠵᠢᠭᠢᠨ·ᠪᠦᠷᠢᠨᠲᠤᠩᠭᠠᠯᠠᠭ
ᠬᠤᠷᠴᠢᠨ ᠊᠊᠊᠊᠊᠊᠊᠊᠊᠊᠊᠊᠊᠊᠊ ᠮᠢᠨᠤ ᠨᠤᠳᠤᠭ
ᠳᠤᠪᠷᠠᠭ ᠪᠣᠯᠵᠤ ᠪᠠᠷᠠᠭᠳᠠᠭᠰᠠᠨ
ᠳᠤᠯᠤᠭᠠᠨ ᠴᠤᠯᠠᠳᠠᠨ ᠤ ᠠᠭᠤᠯᠠᠰ ᠲᠡᠶ᠃
ᠳᠠᠯᠠᠢ ᠪᠣᠯᠵᠤ ᠳᠠᠪᠠᠯᠭᠠᠯᠠᠭᠰᠠᠨ
ᠳᠠᠮᠤ ᠶᠢᠨ ᠮᠠᠩᠬᠠᠨ ᠤ ᠦᠷᠭᠡᠵᠢᠯ ᠲᠡᠶ᠃
ᠶᠡᠭᠡ ᠰᠠᠯᠭᠢᠨ ᠳᠤ ᠭᠡᠢ᠌ᠰᠦᠭ᠍ᠰᠡᠨ
ᠳᠡᠭ᠍ᠷᠢ ᠳᠠᠯ᠎ᠠ ᠶᠢᠨ ᠳᠤᠮᠤᠭ ᠲᠡᠶ᠃
ᠶᠠᠳᠠᠭᠤ ᠰᠤᠭᠳᠤᠭᠤ ᠨᠢ ᠣᠯᠠᠳᠠᠭᠰᠠᠨ
ᠳᠠᠴᠢᠷ ᠬᠠᠳᠠᠭᠤ ᠠᠮᠢᠳᠤᠷᠠᠯ ᠲᠡᠶ᠃
ᠳᠠᠷᠢᠶᠠᠨ ᠳᠤᠮᠳᠠ ᠪᠠᠨ ᠭᠡᠩᠰᠢᠭ᠍ᠰᠡᠨ
《ᠭᠠᠳᠠ ᠮᠠᠢ᠌ᠷᠠᠨ》 ᠊ᠤ ᠳᠠᠭᠤᠤ ᠲᠡᠶ᠃
ᠳᠤᠤᠷ ᠳᠤᠳᠤᠷ᠎ᠠ ᠠᠷᠭᠠᠮᠵᠢᠭᠰᠠᠨ
ᠭᠠᠭᠴᠠ ᠬᠤᠶᠠᠷ ᠳᠡᠵᠢᠭᠡᠪᠦᠷᠢ ᠲᠡᠶ᠃
ᠦᠯᠴᠢᠷ ᠡᠯᠰᠤᠨ ᠳᠤ ᠣᠷᠭᠤᠭᠰᠠᠨ
ᠪᠦᠭ᠍ᠳᠦᠷ ᠣᠳᠠᠨ ᠤ ᠦᠵᠡᠮᠤᠷᠢ ᠲᠡᠶ᠃
ᠦᠶᠡᠷᠯᠠᠵᠤ ᠪᠠᠷᠠᠪᠠᠯ ᠬᠠᠳᠠᠴᠢᠬᠠᠳᠠᠭ
ᠰᠢᠷ᠎ᠠ ᠮᠦᠷᠠᠨ ᠤ ᠥᠯᠢᠭᠡᠷ ᠲᠡᠶ᠃
ᠬᠠᠷ᠎ᠠ ᠳᠠᠷᠤᠭᠠᠤᠨ ᠰᠠᠷᠢᠰᠢ ᠦᠭᠡᠶ
ᠪᠠᠷᠠᠭᠠᠨ ᠰᠦᠨᠢ ᠶᠢᠨ ᠠᠶᠤᠩᠭ᠋ᠤᠷᠢ ᠰᠢᠭ
ᠬᠠᠮᠢᠭ᠎ᠠ ᠡᠴᠡ ᠵᠢᠪᠠᠷᠯᠠᠭᠰᠠᠨ ᠴᠤ ᠪᠣᠵᠢᠭᠢᠨᠠᠳᠠᠭ
ᠪᠠᠯᠠᠷ ᠡᠯᠡᠰᠤᠨ ᠰᠢᠭᠤᠷᠭ᠎ᠠ ᠲᠡᠶ᠃
ᠬᠠᠯᠠᠭᠤ ᠶᠠᠪᠣᠭᠠᠠᠤᠨ ᠭᠡᠨᠡᠳᠡᠭ᠍ᠰᠡᠨ
ᠪᠣᠰᠤᠳ ᠡᠴᠠ ᠨᠢᠭᠤᠬᠤ ᠡᠮᠵᠡᠭ᠌ ᠰᠢᠭ᠌
ᠬᠠᠰᠢᠶᠠᠯᠠᠭᠰᠠᠨ ᠮᠠᠯ᠂ ᠭᠠᠩᠳᠠᠭᠰᠠᠨ ᠳᠠᠷᠢᠶ᠎ᠠ
ᠠᠯᠢ ᠶᠢ ᠨᠢ ᠬᠠᠷᠠᠪᠠᠴᠤ ᠭᠦᠭᠡᠷᠦᠭᠦᠢ︕
ᠰᠥᠰᠦᠭᠯᠡᠭᠦ ᠳᠡᠭᠡᠨ ᠮᠦᠷᠭᠦᠳᠡᠩ ᠡᠴᠠ
ᠰᠦᠮ᠎ᠡ ᠶᠢᠨ ᠰᠢᠪᠠᠷ ᠪᠣᠷᠬᠠᠨ ᠲᠡᠶ᠂
ᠰᠦ᠋ ᠦᠭᠡᠶ ᠳᠡᠭᠡᠨ ᠡᠷᠭᠦᠳᠡᠭ᠌ ᠡᠴᠠ
ᠬᠠᠷ᠎ᠠ ᠠᠷᠢᠭᠢᠨ ᠤ ᠰᠠᠷᠵᠢᠮ ᠲᠡᠶ᠃
ᠮᠤᠩᠭ᠋ᠤᠯ ᠪᠢᠴᠢᠭ᠌ ᠭᠡᠷᠡᠭ᠌ ᠦᠭᠡᠶ ᠭᠡᠳᠡᠭ᠌
ᠮᠤᠵᠢᠭᠤ ᠨᠢᠭᠡ ᠣᠨᠠᠯᠳᠠ ᠲᠡᠶ᠂
ᠮᠠᠨ ᠤ ᠨᠤᠳᠤᠭ ᠶᠠᠳᠠᠭᠤ ᠭᠡᠳᠡᠭ᠌
ᠮᠤᠬᠤᠭᠤ ᠨᠢᠭᠡ ᠳᠠᠨᠢᠯᠳᠠ ᠲᠡᠶ᠃
ᠦᠪ ᠨᠡᠢ᠌ᠯᠡᠭᠦᠯᠤᠨ ᠡᠷᠭᠢᠯᠡᠭᠰᠡᠨ ᠴᠤ
ᠦᠨᠳᠦᠰᠦᠳᠠᠨ ᠤ ᠮᠤᠩᠭ᠋ᠤᠯ ᠰᠤᠷᠭᠠᠭᠤᠯᠢ ᠲᠡᠶ︕
ᠥᠭᠦᠯᠡᠪᠦᠷᠢ ᠳᠡᠭᠡᠨ ᠭᠤᠷᠪᠠᠨ ᠭᠡᠯᠡ ᠲᠡᠶ ᠴᠤ
ᠦᠪᠡᠷ ᠤᠨ ᠮᠤᠩᠭ᠋ᠤᠯ ᠨᠠᠢ᠌ᠷᠠᠯᠭ᠎ᠠ ᠲᠡᠶ︕
ᠬᠠᠯᠠᠰᠠᠬᠤ ᠳᠠᠭᠠᠨ ᠣᠮᠤᠭᠰᠢᠳᠠᠭ
ᠬᠠᠰᠠᠷ ᠤᠨ ᠮᠤᠩᠭ᠋ᠤᠯ ᠦᠷᠠᠰ ᠲᠡᠶ᠂
ᠬᠠᠷᠢᠯᠴᠠᠬᠤ ᠳᠠᠭᠠᠨ ᠭᠡᠷᠡᠭᠯᠡᠳᠡᠭ᠌
ᠭᠢᠳᠠᠤᠨ ᠮᠤᠩᠭ᠋ᠤᠯ ᠭᠡᠯᠡ ᠲᠡᠢ᠃
ᠭᠦᠭᠡ ᠳᠤᠷᠭᠠᠨ ᠳᠡᠷᠯᠢᠭ᠌ ᠤᠨ
ᠬᠤᠷᠮᠤᠢ ᠶᠢᠨ ᠭᠢᠨᠢ ᠰᠡᠮᠡᠷᠭᠡᠢ ᠡᠮᠵᠢᠶᠡᠷᠢ ︕
ᠬᠤᠰᠤᠨ ᠦᠨᠳᠦᠷ ᠣᠷᠭ᠎ᠠ ᠶᠢᠨ
ᠬᠣᠢ᠌ᠪᠢ ᠶᠢᠨ ᠭᠢᠨᠢ ᠳᠠᠰᠤᠷᠬᠠᠢ ᠭᠤᠭᠴᠤᠭ᠎ᠠ︕
ᠦᠨᠢᠷ ᠪᠠᠶᠠᠨ ᠰᠦᠷᠦᠭ᠌ ᠤᠨ
ᠭᠤᠯᠤᠩᠬᠠᠢ ᠪᠣᠳᠤᠭᠤ ᠶᠢᠨ ᠭᠢᠨᠢ ᠪᠣᠢ᠌ᠯᠠᠭ᠎ᠠ ︕
ᠦᠷᠯᠦᠭ᠌ ᠮᠤᠩᠭ᠋ᠤᠯ ᠰᠤᠶᠤᠯ ᠤᠨ
ᠭᠤᠮᠤᠷᠬᠠᠢ ᠭᠡᠯᠡ ᠤ ᠭᠢᠨᠢ ᠠᠪᠢᠶ᠎ᠠ︕
ᠨᠠᠷᠠᠨ ᠵᠥᠭ᠌ ᠤᠨ ᠶᠡᠭᠡ ᠬᠤᠷᠴᠢᠨ
ᠨᠠᠳᠠ ᠵᠠᠶᠠᠭᠠᠭᠰᠠᠨ ᠨᠤᠳᠤᠭ ᠡ᠂
ᠨᠠᠷᠮᠠᠢ ᠶᠡᠭᠡ ᠮᠤᠩᠭ᠋ᠤᠯ ᠤᠨ
ᠬᠤᠷᠴᠢᠨ ᠲᠦᠮᠡᠨ ᠤ ᠥᠯᠦᠭᠡᠢ ᠡ︕
ᠰᠠᠷᠠᠨ ᠳᠡᠷᠭᠡᠯ ᠽᠠᠮᠪᠣᠯᠢᠩ ᠤᠨ
ᠰᠠᠨᠠᠭ᠎ᠠ ᠠᠯᠳᠠᠮ᠎ᠠ ᠣᠷᠤᠨ ᠵᠠᠢ ︕
ᠰᠠᠶ᠎ᠠ ᠮᠤᠩᠭ᠋ᠤᠯ ᠣᠭᠰᠠᠭᠠᠳᠠᠨ ᠤ ᠮᠢᠨᠢ
ᠰᠡᠳᠭᠢᠯ ᠠᠯᠭᠠᠰᠠᠭᠤᠯᠬᠤ ᠭᠠᠵᠠᠷ ᠣᠰᠤᠨ︕
ᠵᠤᠬᠢᠶᠠᠭᠴᠢ ᠶᠢᠨ ᠬᠠᠶᠢᠭ ᠄ ᠲᠦᠩᠯᠢᠶᠤᠤ ᠬᠤᠳᠠ ᠬᠣᠢ᠌ᠳᠤ ᠬᠤᠰᠢᠭᠤ ᠮᠤᠳᠤᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ·ᠪᠦᠷᠢᠨᠲᠤᠩᠭᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2011 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ