☆ ᠭᠦᠷᠵᠡᠪ
ᠢᠷᠠᠯ ᠨᠢ ᠳᠤᠳᠤ ᠦᠭᠡᠶ ᠥᠭᠡ
《ᠠᠷᠢᠭᠢ ᠣᠤᠭᠤᠪᠠᠯ
ᠰᠢᠯᠦᠭ᠌ ᠰᠠᠢ᠌ᠬᠠᠨ ᠪᠢᠴᠢᠨ᠎ᠠ》 ᠭᠡᠰᠡᠨ
ᠢᠷᠠᠯ ᠨᠢ ᠳᠤᠳᠤ ᠦᠭᠡᠶ ᠥᠭᠡ
ᠠᠢ᠌ᠯ ᠤᠨ ᠪᠠᠭᠤᠴᠠᠨ ᠳᠤ ᠬᠠᠶᠠᠭᠳᠠᠭᠰᠠᠨ
ᠭᠠᠷ ᠴᠠᠭᠠᠰᠤ ᠮᠠᠳᠤ
ᠠᠷᠭᠠᠯ ᠤᠨ ᠣᠪᠣᠭ᠎ᠠ
ᠦᠨᠡᠰᠤᠨ ᠳᠠᠭᠠᠷᠴᠠᠭ᠁ ᠳᠠᠮᠵᠢᠨ
ᠥᠩᠭᠦᠷᠢᠳᠤᠨᠡ ᠡ᠃
ᠠᠯᠠᠩ ᠵᠠᠩ ᠳᠠᠢ
ᠮᠠᠨ ᠤ ᠭᠢᠨ ᠤ ᠵᠠᠷᠢᠮ ᠨᠢ
ᠳᠡᠭᠦᠵᠤ ᠠᠪᠴᠢᠬᠠᠭᠠᠤᠨ
ᠠᠷᠢᠭᠤᠨ ᠴᠠᠪᠠᠷ
ᠬᠠᠷᠮᠠᠨ ᠣᠷᠤᠭᠤ ᠪᠠᠨ ᠴᠢᠭᠢᠨ᠎ᠠ ᠡ᠃
ᠠᠷᠢᠭᠢ ᠡᠷᠳᠡᠨᠢ ᠦᠦ⁈
ᠠᠮᠢ᠂ ᠠᠳᠠᠯ ᠡᠷᠳᠡᠨᠢ ᠦᠦ⁈
ᠠᠯᠢᠶ᠎ᠠ ᠨᠥᠭᠦᠤᠨ ᠮᠢᠨᠢ
ᠪᠣᠳᠤᠵᠤ ᠥᠵᠡᠭᠡᠷᠡᠢ︕
ᠠᠯᠢᠨ ᠢ ᠨᠢ ᠭᠦᠭᠡᠭᠡᠴᠡᠯᠳᠦᠭᠦ ᠪᠠᠨ
ᠪᠣᠯᠭᠤᠭᠠᠵᠤ ᠳᠤᠩᠭ᠋ᠠᠭᠠᠷᠠᠢ︕
ᠠᠯᠢᠪᠠ ᠣᠢ᠌ᠯᠠᠰ ᠶᠢᠡᠨ ᠪᠢᠳᠠ
ᠠᠷᠢᠭᠢ ᠪᠠᠷ ᠳᠠᠷᠤᠭᠤᠯᠵᠤ ᠪᠣᠯᠤᠨ᠎ᠠ ᠭᠡᠵᠢ ᠦᠦ⁈
ᠠᠯᠤᠰ ᠤᠨ ᠭᠦᠰᠡᠯᠡᠩ ᠶᠢᠡᠨ ᠮᠠᠨᠤᠰ
ᠠᠷᠢᠭᠢ ᠪᠠᠷ ᠪᠣᠰᠬᠠᠵᠤ ᠳᠠᠢ᠌ᠯᠤᠨ᠎ᠠ ᠭᠡᠵᠢ ᠦᠦ⁈
ᠠᠷᠢᠭᠢᠴᠢᠨ 《ᠰᠢᠯᠦᠭ᠍ᠴᠢᠳ》 ᠮᠢᠨᠢ
ᠠᠶᠤᠯᠢᠬᠠᠢ ᠳᠠᠭᠠᠨ 《ᠪᠠᠭᠳᠠᠭᠠᠮᠤ》 ︕
ᠠᠰᠢᠳᠠ ᠴᠡᠭᠡᠷᠯᠡᠮᠤ︕
1988.10.22 ᠳᠤ ᠪᠢᠴᠢᠭ᠍ᠰᠡᠨ ᠨᠡᠢ᠌ᠳᠡᠯᠡᠭᠦᠯᠦᠭᠡᠳᠦᠢ ᠰᠢᠯᠦᠭ᠌᠃
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2009 ᠤᠨ ᠤ 12 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ