ᠨᠡᠪᠲᠡᠷᠡᠨ ᠤᠷᠤᠬᠤ
ᠬᠡᠦᠬᠡᠳ ᠤᠨ ᠪᠠᠶᠠᠷ ᠤᠨ ᠰᠡᠳᠭᠢᠭ᠍ᠳᠡᠯ

ᠥᠭ᠍‍ᠭᠢᠶᠡᠮᠦᠷ ᠬᠤᠷ᠎ᠠ ᠰᠢᠪᠠᠷᠠᠨ ᠡᠶᠡᠪᠠᠷᠭᠦᠤ ᠰᠠᠯᠭᠢ ᠵᠢᠪᠠᠷᠯᠠᠭᠰᠠᠨ ᠵᠢᠷᠭᠤᠭᠠᠨ ᠰᠠᠷ᠎ᠠ ᠳᠤ ᠥᠩᠭᠡ ᠶᠢᠨ ᠰᠠᠢ᠌ᠬᠠᠨ ᠬᠤᠪᠴᠠᠰᠤ ᠡᠮᠦᠰᠦᠭ᠍ᠰᠡᠨ᠂ ᠦᠰᠪᠦᠷᠢ ᠶᠢᠨ ᠵᠢᠭᠠᠯ ᠪᠠᠭᠠᠴᠤᠤᠯ ᠦᠪᠡᠷ ᠤᠨ ᠭᠡᠭ᠍ᠳᠡᠭᠦ ᠪᠠᠶᠠᠷ ᠤᠨ ᠡᠳᠦᠷ ᠶᠢᠡᠨ ᠥᠪᠠᠳᠡᠭ᠍ᠰᠢ ᠶᠡᠭᠡᠪᠠᠷ ᠪᠠᠯᠭᠡᠯᠡᠵᠡᠭᠡᠨ᠎ᠡ᠃

ᠳᠠᠪᠢᠨ ᠮᠸᠲ᠋ᠷ ᠤᠨ ᠣᠷᠤᠯᠳᠤᠭᠠᠨ  ᠂ ᠵᠠᠭᠤᠨ ᠮᠸᠲ᠋ᠷ ᠤᠨ ᠥᠵᠡᠯᠴᠡᠭᠡᠨ᠂ ᠳᠤᠭ᠎ᠠ ᠪᠣᠳᠤᠵᠤ ᠭᠦᠶ‍ᠦᠭᠦ ᠁ ᠶᠠᠩᠵᠤ ᠶᠢᠨ ᠨᠠᠢ᠌ᠷ᠂ ᠵᠣᠢ᠌ᠯ ᠤᠨ ᠮᠦᠷᠥᠢᠴᠡᠭᠡᠨ ᠡᠮᠭᠢ ᠳᠠᠷᠠᠭ᠎ᠠ ᠲᠡᠶ ᠶᠠᠪᠣᠭᠳᠠᠨ᠎ᠠ᠃ ᠳᠡᠭᠡᠭᠦ ᠳᠤ ᠰᠤᠨᠢᠷᠬᠠᠯ ᠪᠠᠬᠠᠳᠤᠯ ᠪᠢᠯᠬᠠᠯᠠᠭᠰᠠᠨ ᠭᠡᠷ ᠤᠨ ᠠᠬᠠᠮᠠᠤᠨ᠂ ᠰᠡᠷᠭᠡᠭ᠌ ᠵᠢᠪᠬᠤᠭ᠎ᠠ ᠬᠤᠤᠰᠯᠠᠭᠰᠠᠨ ᠪᠠᠭᠰᠢ ᠨᠡᠷ᠂ ᠭᠦᠭᠡᠷᠦᠭᠦᠨ ᠵᠢᠭᠠᠯ ᠤᠳ ᠤᠨ ᠶᠢᠡᠨ ᠴᠢᠮᠭᠢ ᠪᠦᠳᠦᠮᠵᠢ᠂ ᠳᠤᠰᠤᠯ ᠣᠯᠤᠯᠳᠠ ᠳᠤ ᠣᠮᠤᠭ ᠪᠠᠶᠠᠰᠤᠯ ᠣᠷᠭᠢᠯᠤᠨ ᠴᠢᠩᠭ᠋᠎ᠠ ᠠᠯᠠᠭ᠎ᠠ ᠳᠠᠰᠢᠯᠳᠠ᠂ ᠱᠥᠭᠯᠤ ᠶᠢᠨ ᠭᠦᠴᠦᠳᠡᠢ ᠦᠯᠢᠶᠠᠯᠳᠠ ᠪᠠᠷ ᠶᠢᠡᠨ ᠪᠠᠶᠠᠷ ᠭᠦᠷᠭᠡᠨ᠎ᠡ᠃

ᠠᠯᠢᠶ᠎ᠠ ᠭᠦᠭᠡᠷᠦᠭᠦᠨ ᠭᠦᠶ‍ᠦᠳᠡᠯ ᠳᠡᠭᠡᠨ ᠠᠪᠣ ᠶᠢᠨ ᠶᠢᠡᠨ ᠵᠦᠩᠨᠠᠯ ᠢ ᠰᠢᠩᠭᠡᠭᠡᠭ᠍ᠰᠡᠨ ᠶ‍ᠢᠰᠤᠨ ᠨᠠᠰᠤᠳᠠᠢ ᠭᠡᠦᠭᠡᠨ ᠮᠢᠨᠢ ᠬᠤᠶᠠᠳᠤᠭᠠᠷ ᠣᠨ ᠤ ᠳᠤᠭ᠎ᠠ ᠪᠣᠳᠤᠵᠤ ᠭᠦᠶ‍ᠦᠭᠦ ᠣᠷᠤᠯᠳᠤᠭᠠᠨ ᠳᠤ ᠳᠠᠳ᠋ᠯᠠᠯ᠎ᠠ ︕ 《ᠳᠤᠭ᠎ᠠ ᠶᠢ ᠨᠢ ᠪᠣᠳᠤᠵᠤ ᠪᠠᠷᠠᠭᠠᠤᠨ ᠭᠦᠶ‍ᠦᠭᠦ ᠦᠶ᠎ᠡ ᠳᠤ ᠳᠡᠷᠢᠭᠦᠨ ᠪᠠᠢ᠌ᠭᠰᠠᠨ᠂ ᠬᠠᠮᠤᠭ ᠰᠡᠭᠦᠯ ᠳᠤ ᠰᠢᠪᠳᠤᠯᠤᠯᠳᠠ ᠶᠢᠨ ᠴᠡᠭ᠌ ᠲᠤ ᠬᠤᠶᠠᠳᠤᠭᠠᠷ ᠲᠤ ᠣᠷᠤᠯ᠎ᠠ》 ᠭᠡᠰᠡᠨ ᠭᠡᠦᠭᠡᠨ ᠤ ᠪᠠᠨ ᠴᠠᠢ᠌ᠯᠭᠠᠨ ᠳᠤᠭᠠᠴᠢᠯ ᠳᠤ ᠬᠠᠢ᠌ᠷ᠎ᠠ ᠢᠭ᠍ᠳᠦᠯᠡᠭᠦ ᠳᠡᠭᠡᠨ ᠪᠢ ᠭᠦᠯᠦᠰᠤ ᠰᠢᠷᠤᠢ ᠳᠤ ᠪᠢᠯᠳᠠᠭᠰᠠᠨ ᠬᠠᠴᠠᠷ ᠢ ᠨᠢ ᠡᠯᠢᠭᠡᠨ ᠳᠡᠭᠡᠨ ᠨᠠᠭᠠᠯᠳᠤᠭᠤᠯᠤᠭᠠᠤᠨ᠂ ᠨᠤᠷᠴᠤ ᠳᠡᠪᠳᠦᠭ᠍ᠰᠡᠨ ᠭᠡᠵᠢᠭᠡ ᠶᠢ ᠨᠢ ᠢᠯᠪᠢᠨ᠄ 《ᠬᠠᠮᠢᠶ᠎ᠠ ᠦᠭᠡᠶ᠂ ᠬᠣᠢ᠌ᠰᠢᠳᠠ ᠯᠠᠪ ᠳᠡᠷᠢᠭᠦᠯᠡᠴᠢᠭᠡᠭᠦ ᠶᠤᠮ ︕》 ᠭᠡᠵᠤ ᠵᠤᠷᠢᠭᠵᠢᠭᠤᠯᠵᠤ ᠭᠠᠷᠬᠤ ᠳᠤ᠂ ᠮᠢᠨᠤ ᠰᠠᠷᠠᠯ ᠤᠨ ᠠᠯᠠᠭᠠᠨ ᠳᠤ ᠬᠤᠷᠢᠭᠠᠤᠨ ᠵᠢᠯ ᠤᠨ ᠡᠮᠦᠨᠡᠭᠢ ᠣᠴᠢᠷ ᠭᠢᠯᠠᠰᠭᠢᠨ ᠣᠷᠤᠵᠤ ᠢᠷᠠᠯ᠎ᠠ᠃

ᠣᠷᠣᠢ᠌ᠬᠠᠨ ᠪᠢᠴᠢᠭ᠌ ᠥᠵᠡᠭ᠍ᠰᠡᠨ ᠪᠢ᠂ ᠳᠠᠷᠠ ᠵᠢᠯ ᠠᠷᠪᠠᠨ ᠭᠤᠷᠪᠠᠨ ᠨᠠᠰᠤᠳᠠᠢ ᠪᠠᠢ᠌ᠯ᠎ᠠ᠃ ᠭᠡᠳᠤᠨ ᠠᠢ᠌ᠯ ᠤᠨ ᠪᠠᠭ᠎ᠠ ᠰᠤᠷᠭᠠᠭᠤᠯᠢ ᠬᠠᠮᠳᠤᠷᠠᠨ ᠭᠢᠭ᠍ᠰᠡᠨ 《6 · 1》 ᠊ᠤ ᠳᠠᠮᠢᠷ ᠤᠨ ᠣᠷᠤᠯᠳᠤᠭᠠᠨ ᠮᠠᠨ ᠤ ᠵᠡᠭᠦᠨ ᠠᠢ᠌ᠯ ᠵᠡᠭᠦᠨ ᠳᠠᠷᠢᠶᠠᠳᠤ ᠳᠤ ᠶᠠᠪᠣᠭᠳᠠᠯ᠎ᠠ᠃ ᠬᠠᠷ᠎ᠠ ᠪᠠᠭ᠎ᠠ ᠡᠴᠡ ᠪᠠᠨ ᠰᠤᠷᠤᠯᠭ᠎ᠠ ᠰᠤᠶᠤᠯ ᠤᠨ ᠬᠣᠢ᠌ᠨ᠎ᠠ ᠡᠴᠡ ᠭᠦᠭᠡᠭᠡᠴᠡᠯᠳᠦᠭ᠍ᠰᠡᠨ ᠣᠯᠳᠤᠢ ᠮᠢᠨᠤ ᠰᠤᠷᠤᠯᠭ᠎ᠠ ᠶᠢᠨ ᠭᠢᠷᠢ ᠪᠦᠳᠦᠮᠵᠢ ᠠᠩᠭᠢ ᠳᠠᠭᠠᠨ ᠶᠠᠷᠤᠨᠢ ᠣᠷᠣᠢ᠌ᠯᠠᠳᠠᠭ ᠪᠠᠢ᠌ᠭᠰᠠᠨ᠃ ᠡᠨᠡ ᠣᠳᠠᠭᠠᠨ ᠤ ᠳᠤᠭ᠎ᠠ ᠪᠣᠳᠤᠵᠤ ᠭᠦᠶ‍ᠦᠭᠦ ᠣᠷᠤᠯᠳᠤᠭᠠᠨ ᠤ ᠳᠡᠷᠢᠭᠦᠨ ᠨᠠᠷᠠᠰ ᠤᠨ ᠬᠠᠮᠤᠭ ᠶᠡᠭᠡ ᠡᠷᠡᠮᠡᠯᠵᠡᠯ ᠢ ᠮᠠᠨ ᠤ ᠸᠠᠩ ᠪᠠᠭᠰᠢ ᠨᠠᠳᠠ ᠳᠡᠭᠡᠷ᠎ᠡ ᠳᠠᠯᠪᠢᠭᠰᠠᠨ ᠭᠡᠳᠡᠭ᠌ ᠢ ᠳᠡᠭᠦᠨ ᠤ ᠠᠭᠢᠨ ᠳᠠᠭᠢᠨ 《ᠯᠠᠪᠳᠠᠭᠤᠯᠤᠭᠠᠷᠠᠢ》 ᠭᠡᠰᠡᠨ ᠡᠴᠡ ᠨᠢ ᠣᠬᠠᠵᠤ ᠪᠢᠯᠠ᠃

ᠪᠢ ᠲᠤᠬᠢᠶᠠᠨ ᠤ ᠭᠡᠩᠭᠡᠷᠭᠡ ᠳᠤᠤᠭᠠᠷᠬᠤ ᠲᠡᠶ ᠵᠡᠷᠭᠡ ᠴᠢᠨᠡᠭᠡ ᠮᠠᠳᠠᠨ ᠭᠦᠶ‍ᠦᠵᠤ ᠭᠡᠰᠡᠭ᠌ ᠲᠡᠶ ᠰᠢᠷᠤᠢ ᠪᠠᠷ ᠳᠠᠷᠤᠭᠰᠠᠨ ᠣᠷᠤᠯᠳᠤᠭᠠᠨ ᠤ ᠰᠠᠳᠤᠪ ᠢ ᠠᠪᠣᠭᠠᠤᠨ ᠥᠵᠡᠭᠦᠯ᠎ᠡ ᠳᠤᠮᠳᠠ ᠬᠠᠭᠠᠯᠳᠠ ᠶᠢᠨ ᠳᠤᠳᠤᠷ᠎ᠠ ᠣᠯᠠᠨ ᠣᠯᠠᠨ ᠪᠣᠳᠤᠯᠭ᠎ᠠ ᠵᠢᠭᠰᠠᠭᠠᠨ᠂ ᠪᠠᠰᠠ ᠪᠠᠭ᠎ᠠ ᠬᠠᠭᠠᠯᠳᠠ ᠣᠷᠤᠭᠤᠯᠵᠤ ᠬᠠᠮᠤᠭ ᠰᠡᠭᠦᠯ ᠳ᠋ᠤᠨᠢ ᠳᠤᠮᠳᠠ ᠬᠠᠭᠠᠯᠳᠠ ᠶᠢ ᠬᠠᠭᠠᠭᠰᠠᠨ ᠤ ᠬᠣᠢ᠌ᠨ᠎ᠠ ᠦᠷᠡᠵᠢᠭᠦᠯᠭᠦ ᠳᠡᠮᠳᠡᠭ᠌ ᠳᠠᠯᠪᠢᠵᠤ ᠳᠡᠭ᠌ ᠢ ᠪᠢᠴᠢᠭᠡᠳ ᠳᠡᠩᠴᠡᠭᠦᠤ ᠳᠡᠮᠳᠡᠭ᠌ ᠳᠠᠯᠪᠢᠯ᠎ᠠ᠃ ᠶᠠᠭ ᠦᠨᠡᠨ ᠳᠡᠭᠡᠨ ᠶᠠᠮᠠᠷᠪᠠ ᠳᠤᠭ᠎ᠠ ᠶᠢ ᠳᠡᠭ᠌ ᠶᠢᠡᠷ ᠦᠷᠡᠵᠢᠭᠦᠯᠪᠠᠯ ᠳᠡᠭ᠌ ᠪᠣᠯᠬᠤ ᠶᠤᠰᠤᠭᠠᠷ ᠰᠢᠭᠤᠳ ᠳᠡᠭ᠌ ᠪᠢᠴᠢᠴᠢᠭᠡᠪᠠᠯ ᠪᠣᠯᠴᠢᠬᠠᠬᠤ ᠶᠤᠮ᠂ ᠭᠡᠳᠡᠯ᠎ᠡ ᠳᠤᠬᠠᠢ ᠶᠢᠨ ᠦᠶ᠎ᠡ ᠳᠤ ᠪᠢ ᠰᠠᠠᠳᠤᠷᠬᠤ ᠲᠡᠶ᠂ ᠦᠪᠡᠷ ᠤᠨ ᠣᠶᠤᠨ ᠳᠠᠷᠢᠭᠢ ᠪᠠᠨ ᠢᠳᠡᠭᠡᠵᠤ ᠶᠠᠳᠠᠨ᠂ ᠳᠡᠭ᠌ ᠪᠢᠴᠢᠭᠦ ᠪᠠ ᠦᠭᠡᠶ ᠶᠢᠨ ᠬᠤᠭᠤᠷᠤᠠᠳᠤ ᠡᠷᠡᠭᠡᠯᠵᠡᠨ ᠴᠠᠭ ᠢ ᠨᠠᠯᠢᠶᠠᠤᠨ ᠰᠠᠭᠠᠳᠠᠭᠠᠪᠠ᠃ ᠬᠠᠮᠤᠭ ᠰᠡᠭᠦᠯ ᠳ᠋ᠤᠨᠢ ᠳᠡᠭ᠌ ᠪᠢᠴᠢᠭᠡᠳ ᠭᠦᠶ‍ᠦᠭᠦ ᠳᠤ ᠭᠦᠮᠦᠰ ᠪᠦᠷ ᠡᠴᠦᠰ ᠤᠨ ᠴᠡᠭ᠌ ᠲᠤ ᠭᠦᠷᠴᠢᠭᠡᠪᠡ᠃ ᠭᠡᠳᠡᠯ᠎ᠡ ᠭᠢᠷᠢ ᠪᠦᠳᠦᠮᠵᠢ ᠶᠢ ᠭᠢᠨᠠᠬᠤ ᠪᠠᠭᠰᠢ ᠡᠮᠦᠨ᠎ᠡ ᠢᠷᠡᠭ᠍ᠰᠡᠳ ᠤᠨ ᠳᠤᠳᠤᠷ᠎ᠠ ᠡᠴᠡ ᠪᠣᠳᠤᠵᠤ ᠳᠠᠭᠠᠷᠠᠭᠤᠯᠤᠭᠰᠠᠨ ᠦᠭᠡᠶ ᠶᠢ ᠨᠢ ᠶᠠᠪᠣᠭᠤᠯᠤᠭᠰᠠᠭᠠᠷ ᠰᠠᠨᠠᠭᠠᠨ ᠡᠴᠡ ᠭᠠᠳᠠᠭᠤᠷ ᠪᠢ ᠬᠤᠶᠠᠳᠤᠭᠠᠷ ᠲᠤ ᠣᠷᠤᠵᠤ ᠨᠢᠭᠡ ᠪᠠᠯᠠᠯᠠᠭᠤᠷ᠂ ᠨᠢᠭᠡ ᠬᠠᠷᠠᠠᠳᠠ ᠶᠢᠨ ᠱᠠᠩᠨᠠᠯ ᠳᠤᠰᠤᠭᠰᠠᠨ ᠪᠢᠯᠠ᠃ ᠠᠳᠠᠯᠢ ᠣᠨ ᠳᠤ ᠪᠢᠴᠢᠭ᠌ ᠥᠵᠡᠳᠡᠭ᠌ ᠮᠢᠨᠤ ᠠᠬ᠎ᠠ ᠵᠠᠬ᠎ᠠ ᠳ᠋ᠤ ᠢᠷᠡᠭᠡᠳ᠄ 《ᠡᠢ᠌ᠮᠤ ᠭᠦᠴᠢᠷᠳᠡᠢ ᠰᠠᠳᠤᠪ ᠢ ᠳᠠᠭᠠᠷᠠᠭᠤᠯᠴᠢᠬᠠᠭᠰᠠᠨ ᠴᠢᠨᠢ ᠳᠤᠩ ᠰᠠᠢ᠌ᠨ ︕》 ᠭᠡᠵᠤ ᠳᠤᠭᠳᠤᠯᠵᠤ ᠭᠡᠯᠡᠪᠡ᠃ ᠮᠢᠨᠤ ᠳᠤᠳᠤᠷ᠎ᠠ ᠵᠢᠭᠠᠬᠠᠨ ᠠᠭᠤᠵᠢᠷᠠᠯ᠎ᠠ ᠴᠤ ᠦᠪᠡᠷ ᠤᠨ ᠵᠠᠩᠭᠢᠯᠭ᠎ᠠ ᠶᠢᠨ ᠦᠶ᠎ᠡ ᠳᠤ ᠡᠷᠡᠰ ᠰᠢᠭᠤᠤᠠᠮᠠᠭᠠᠢ ᠪᠣᠰᠤ᠂ ᠦᠪᠡᠷ ᠤᠨ ᠪᠠᠶ᠎ᠠ ᠳᠡᠭᠡᠨ ᠢᠳᠡᠭᠡᠯ ᠶᠢᠡᠷ ᠠᠨᠠᠢ ᠵᠠᠩ ᠶᠢᠡᠨ ᠥᠭᠦᠨ ᠭᠤᠯᠤᠵᠤ ᠪᠢᠯᠠ᠃

ᠭᠡᠦᠭᠡᠨ ᠮᠢᠨᠢ ᠭᠡᠰᠡᠭ᠌ ᠠᠮᠠᠷᠠᠭᠠᠤᠨ ᠴᠤᠭ ᠰᠦᠯᠳᠡ ᠨᠢ ᠳᠠᠭᠢᠨ ᠰᠡᠷᠭᠦᠵᠤ᠂ ᠦᠪᠡᠷ ᠤᠨ ᠶᠢᠡᠨ ᠶᠠᠷᠢᠵᠤ ᠭᠠᠷᠤᠯ᠎ᠠ᠄ 《ᠳᠠᠷᠠᠭᠠᠴᠢ ᠪᠠᠷ ᠵᠠᠭᠤᠨ ᠮᠸᠲ᠋ᠷ ᠤᠨ ᠬᠤᠷᠳᠤᠨ ᠭᠦᠶ‍ᠦᠭᠦ ᠣᠷᠤᠯᠳᠤᠭᠠᠨ ᠳᠤ ᠪᠢ ᠪᠠᠰᠠ ᠨᠠᠷ᠎ᠠ ᠮᠡᠳᠡᠭᠦᠯᠪᠡ᠂ ᠪᠢ ᠵᠠᠪᠠᠯ ᠰᠠᠢ᠌ᠨ ᠭᠦᠶ‍ᠦᠨ᠎ᠡ ︕》

ᠭᠦᠰᠡᠯ ᠳᠦᠭᠦᠷᠡᠩ ᠭᠦᠭᠡᠷᠦᠭᠦᠨ ᠪᠠᠭᠠᠴᠤᠤᠯ ᠤᠨ ᠭᠦᠭ᠍ᠵᠢᠶᠡᠨ ᠪᠢᠯᠬᠠᠭᠰᠠᠨ ᠪᠠᠶᠠᠷ ᠤᠨ ᠡᠳᠦᠷ ᠢᠩᠭᠢᠵᠤ ᠯᠠ ᠣᠳᠬ᠎ᠠ ᠠᠭᠤᠯᠭ᠎ᠠ ᠲᠡᠶ ᠥᠩᠭᠡᠷᠡᠭᠦ ᠨᠢ ᠵᠣᠢ᠌ᠳᠠᠢ ᠭᠡᠵᠤ ᠪᠣᠳᠤᠨ ᠪᠣᠳᠤᠭᠰᠠᠭᠠᠷ ᠪᠢ ᠳᠤᠭᠤᠢ ᠳᠠᠭᠠᠨ ᠮᠤᠷᠳᠠᠯ᠎ᠠ᠃ ᠁


ᠵᠤᠬᠢᠶᠠᠭᠴᠢ᠄ ᠰ᠊·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6182
ᠴᠠᠭ᠄ 2010 ᠤᠨ ᠤ 05 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ