☆ ᠪᠠ᠊·ᠣᠤᠠᠬᠤᠠᠪᠠᠭᠠᠳᠤᠷ
ᠬᠠᠷᠠᠮᠵᠢ ᠦᠭᠡᠶ ᠰᠡᠳᠭᠢᠯ
ᠠᠭᠤᠯᠠ ᠣᠰᠤᠨ ᠤ ᠬᠤᠯᠠ ᠵᠢ
ᠠᠭᠤᠰᠭᠢ ᠵᠢᠷᠦᠭᠡᠨ ᠳᠤ ᠪᠠᠨ ᠳᠤᠪᠴᠢᠯᠠᠵᠤ
ᠠᠮᠢᠳᠤ ᠳᠤ ᠪᠠᠨ ᠨᠢᠭᠡ ᠶᠢ ᠪᠠᠨ ᠬᠠᠢ᠌ᠷᠠᠯᠠᠨ᠎ᠠ ᠭᠡᠵᠤ
ᠠᠵᠠ ᠶᠢᠨ ᠳᠡᠭ᠍ᠷᠢ ᠳᠤ ᠪᠠᠨ ᠳᠠᠭᠠᠳᠬᠠᠯ᠎ᠠ ᠶᠤᠮ
ᠴᠢᠮ᠎ᠠ ᠡᠴᠠ ᠪᠢ ᠶᠠᠭᠤ ᠨᠢᠭᠡ ᠶᠢ ᠭᠦᠰᠡᠭᠡ ᠥᠭᠡᠢ
ᠴᠠᠭ ᠣᠷᠤᠰᠬᠠᠯ ᠤᠨ ᠠᠶᠠᠨ ᠳ᠋ᠤ
ᠰᠢᠯᠦᠭ᠌ ᠢ ᠴᠢᠨᠢ ᠭᠦᠨᠡᠰᠦᠳᠡᠨ ᠴᠠᠳᠳᠠᠭ ᠶᠤᠮ
ᠴᠢᠭᠡᠴᠢ ᠮᠤᠩᠭ᠋ᠤᠯ ᠰᠡᠳᠭᠢᠯ ᠵᠢᠠᠷ
ᠴᠢᠠᠳᠠᠰᠤ ᠶᠢ ᠴᠢᠨᠢ ᠡᠷᠭᠦᠨ ᠪᠣᠰᠬᠠᠶ᠎ᠠ ᠭᠡᠯᠡ
ᠮᠢᠩᠭ᠋ᠠᠨ ᠭᠠᠵᠠᠷ ᠤᠨ ᠥᠵᠦᠭᠦᠷ ᠡᠴᠠ
ᠵᠢᠷᠦᠭᠡ ᠲᠡᠶ ᠪᠠᠨ ᠴᠤᠭᠢᠯᠵᠤ ᠭᠦᠷᠦᠯ᠎ᠡ ᠴᠤ
ᠴᠡᠮᠴᠡᠭᠡᠷ ᠦᠬᠢᠨ ᠣᠷᠤᠭᠤᠯ ᠢ ᠴᠢᠨᠢ
ᠭᠦᠡᠳᠡᠭᠡᠭᠦ ᠡᠴᠠ ᠪᠠᠨ ᠬᠠᠷᠠᠮᠨᠠᠵᠤ ᠰᠠᠭᠤᠭᠰᠠᠨ ᠶᠤᠮ
ᠡᠭᠡ ᠪᠠᠢ᠌ᠭᠠᠯᠢ ᠶᠢᠨ ᠴᠡᠴᠡᠭ᠌ ᠢ
ᠳᠠᠰᠤᠯᠵᠤ ᠪᠣᠤ ᠬᠠᠢ᠌ᠷᠠᠯᠠ ᠭᠡᠵᠤ
ᠣᠯᠳᠤᠢ ᠡᠨᠡ ᠪᠠᠶ᠎ᠠ ᠳᠤ ᠪᠠᠨ
ᠬᠠᠳᠠᠭᠤ ᠵᠠᠭᠢᠶ᠎ᠠ ᠳᠤᠰᠢᠶᠠᠭᠰᠠᠨ ᠶᠤᠮ
ᠴᠡᠩᠭᠡᠷ ᠠᠭᠠᠷ ᠤᠨ ᠠᠮᠢᠰᠬᠤᠯ ᠵᠢᠠᠷ
ᠣᠯᠠᠷᠢᠯ ᠶᠢᠡᠨ ᠭᠦᠷᠭᠡᠵᠤ ᠣᠴᠢᠶ᠎ᠠ
ᠴᠢᠭ᠌ ᠳᠦᠭ᠍ᠵᠢᠭ᠍ᠰᠡᠨ ᠬᠠᠭᠠᠯᠭᠠᠨ ᠤ ᠴᠢᠨᠢ ᠭᠠᠳᠠᠨ᠎ᠠ
ᠵᠢᠷᠭᠠᠯ ᠢ ᠴᠢᠨᠢ ᠵᠥᠩᠨᠡᠭᠡᠳ ᠪᠣᠴᠠᠬᠤ ᠯᠠ ᠶᠤᠮ ᠁
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2011 ᠤᠨ ᠤ 07 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ