ᠨᠡᠪᠲᠡᠷᠡᠨ ᠤᠷᠤᠬᠤ
ᠵᠡᠮᠳᠡᠭ᠌ ᠳᠤᠷᠠᠯᠠᠯ

ᠳᠤᠷᠮᠤᠭᠤᠷ ᠰᠠᠢ᠌ᠬᠠᠨ ᠭᠡᠦᠭᠡᠡᠴᠦᠳ

ᠳᠤᠭ᠎ᠠ ᠦᠭᠡᠶ ᠣᠯᠠᠨ ᠪᠣᠯᠪᠠᠴᠤ

ᠳᠤᠭᠤᠵᠤ ᠳᠤᠷᠠᠯᠠᠭᠰᠠᠨ ᠨᠢᠭᠡ ᠲᠡᠶ ᠪᠠᠨ

ᠳᠤᠭᠤᠨᠤ ᠪᠣᠰᠬᠠᠨ ᠵᠢᠷᠭᠠᠳᠠᠭ


ᠭᠡᠮᠵᠢᠶ᠎ᠡ ᠲᠡᠶ ᠡᠨᠡᠭᠡᠨ ᠨᠠᠰᠤᠨ ᠳᠠᠭᠠᠨ

ᠭᠡᠨ ᠴᠤ ᠭᠡᠰᠡᠨ ᠳᠠᠢ᠌ᠮᠤ

ᠭᠢᠵᠠᠭᠠᠷ ᠦᠭᠡᠶ ᠦᠨᠡᠠᠴᠢ ᠳᠤᠷᠠᠯᠠᠯ ᠢ ᠨᠢ

ᠭᠡᠮᠵᠢᠵᠤ ᠭᠡᠷᠭᠢᠨ ᠴᠢᠳᠠᠨ᠎ᠠ


ᠵᠠᠷᠢᠮ ᠭᠦᠮᠤᠨ ᠬᠠᠷᠢᠨ

ᠵᠠᠪ ᠲᠤᠬᠢᠶᠠᠯ ᠢ ᠠᠰᠢᠭᠯᠠᠨ

ᠵᠠᠯᠢᠬᠠᠢ ᠮᠡᠭᠡ ᠭᠠᠷᠭᠠᠵᠤ

ᠵᠡᠷᠡᠮᠳᠡᠭ᠌ ᠠᠮᠢᠳᠤᠷᠠᠵᠤ ᠶᠠᠪᠣᠨ᠎ᠠ


ᠥᠩᠭᠡ ᠨᠢ ᠰᠠᠢ᠌ᠬᠠᠨ ᠳᠤ ᠰᠢᠨᠤᠳᠠᠭ

ᠥᠭᠡᠳᠡ ᠦᠭᠡᠶ ᠡᠪᠡᠳᠴᠢᠨ ᠤ ᠭᠠᠢ ᠡᠴᠡ

ᠡᠷᠦᠭᠡ ᠭᠡᠷ ᠶᠢᠡᠨ ᠰᠠᠷᠨᠢᠭᠤᠯᠵᠤ

ᠦᠨᠦᠴᠢᠨ ᠠᠮᠢᠳᠤᠷᠠᠬᠤ ᠨᠢ ᠭᠦᠭᠡᠷᠦᠭᠦᠢ


ᠬᠤᠤᠰ ᠦᠭᠡᠶ ᠵᠢᠷᠤᠮ ᠲᠡᠶ ᠪᠦᠰᠭᠦᠢ ᠪᠠᠨ

ᠬᠤᠩᠭ᠋ᠤᠷ ᠭᠦᠭᠡᠷᠦᠭᠦᠨ ᠦᠷ᠎ᠡ ᠪᠠᠨ

ᠬᠤᠷᠸ᠎ᠠ ᠶᠢᠨ ᠳᠤᠭᠤᠰᠤᠨ ᠳᠤ ᠳᠦᠭᠡᠷᠡᠭᠦᠯᠴᠢᠭᠡᠳ

ᠬᠤᠵᠢᠮ ᠨᠢ ᠬᠠᠷᠢᠨ ᠭᠡᠮᠰᠢᠵᠤ ᠰᠠᠭᠤᠳᠠᠭ


ᠪᠣᠰᠤᠳ ᠪᠦᠰᠭᠦᠢ ᠶᠢᠨ ᠬᠣᠢ᠌ᠨ᠎ᠠ ᠡᠴᠡ

ᠪᠣᠯᠳᠠᠯᠵᠢᠵᠤ ᠪᠠᠢ᠌ᠭ᠎ᠠ ᠰᠡᠳᠬᠢᠯ ᠶᠢᠡᠨ

ᠪᠣᠭᠤᠵᠤ ᠪᠣᠯᠳᠠᠭ ᠪᠣᠯ ᠳᠠᠷᠤᠨ᠎ᠠ ᠦᠦ ︖

ᠪᠣᠯᠳᠠᠭᠤᠯᠵᠤ ᠪᠣᠯᠳᠠᠭ ᠪᠣᠯ ᠨᠢᠭᠤᠨ᠎ᠠ ᠦᠦ ︖


ᠲ᠋ᠤᠷ᠎ᠠ ᠶᠢ ᠨᠢ ᠪᠣᠯᠢᠶᠠᠭᠰᠠᠨ ᠬᠡᠦᠭᠡᠨ ᠤ ᠬᠣᠢ᠌ᠨ᠎ᠠ ᠡᠴᠡ

ᠳᠤᠷᠠᠯᠠᠯ ᠶᠢᠡᠨ ᠶᠠᠭᠠᠭᠢᠵᠤ ᠢᠯᠡᠳᠭᠡᠭᠦ ᠪᠣᠢ ᠭᠡᠵᠤ

ᠳᠤᠭᠤᠢ ᠰᠠᠭᠤᠨ ᠪᠣᠳᠤᠯᠭᠠᠰᠢᠷᠠᠵᠤ ᠪᠠᠢ᠌ᠭ᠎ᠠ

ᠳᠤᠮᠳᠠᠭᠤᠷ ᠰᠡᠳᠬᠢᠯ ᠲᠡᠶ ᠨᠠᠢ᠌ᠵᠠ ᠮᠢᠨᠢ


ᠠᠯᠤᠰ ᠭᠢᠵᠠᠭᠠᠷ ᠨᠢ ᠬᠠᠷᠠᠭᠳᠠᠬᠤ ᠦᠭᠡᠶ

ᠠᠮᠢᠳᠤᠷᠠᠯ ᠤᠨ ᠦᠷᠭᠡᠨ ᠵᠠᠮ ᠳᠡᠭᠡᠷ᠎ᠡ

ᠠᠭᠰᠤᠮ ᠭᠦᠯᠦᠭ᠌ ᠰᠢᠭ᠌ ᠵᠢᠯᠤᠭᠤ ᠦᠭᠡᠶ ᠳᠠᠪᠭᠢᠬᠤ ᠳᠠᠭᠠᠨ

ᠠᠰ ᠡᠮᠦᠨ᠎ᠡ ᠴᠢᠨᠢ ᠪᠠᠰᠠ

ᠠᠶᠤᠯ ᠪᠠᠷᠳᠠᠭ᠎ᠠ ᠳᠤᠯᠭᠠᠷᠠᠵᠤ ᠮᠡᠳᠡᠭᠦ ᠶᠤᠮ

ᠠᠮᠠᠭᠠᠢ ᠪᠠᠨ ᠳᠡᠳᠡᠰᠬᠢᠭᠠᠳ

ᠠᠭᠠᠵᠢᠭᠤᠬᠠᠨ ᠳᠠᠪᠭᠢᠭᠠᠷᠠᠢ ᠠᠠᠳᠠ ᠮᠢᠨᠢ ︕


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠾᠸᠵᠢᠩ ᠰᠢᠶᠠᠨ ᠤ ᠦᠯᠵᠠᠢ᠌ᠳᠤᠠ᠋ᠭᠤᠯᠠ ᠰᠤᠮᠤᠨ ᠤ ᠡᠷᠡᠭᠦᠯ ᠬᠠᠮᠠᠭᠠᠯᠠᠯ ᠤᠨ ᠬᠤᠷᠢᠶ᠎ᠠ

ᠵᠤᠬᠢᠶᠠᠭᠴᠢ᠄ ᠳᠤᠷᠤᠨᠠ‍ᠴᠡᠴᠡᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 09 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ