ᠨᠡᠪᠲᠡᠷᠡᠨ ᠤᠷᠤᠬᠤ
ᠭᠦᠳᠡᠭᠡ ᠶᠢᠨ ᠰᠠᠷᠠ

ᠭᠦᠭᠡ ᠮᠥᠩᠭᠦᠨ ᠳᠡᠭ᠍ᠷᠢ ᠨᠢ

ᠭᠦᠳᠡᠩ ᠦᠭᠡᠶ ᠴᠡᠯᠮᠡᠭᠦᠨ ᠳᠡᠭᠡᠨ ᠦᠦ︖

ᠭᠦᠪᠴᠢ ᠬᠠᠩᠭ᠋ᠠᠢ ᠶᠢᠨ ᠦᠳᠡᠰᠢ

ᠥᠢᠮᠡᠭᠡᠨ ᠦᠭᠡᠶ ᠨᠠᠮᠵᠢᠭᠤᠨ ᠳᠠᠭᠠᠨ ᠦᠦ︖

ᠭᠦᠮᠤᠨ ᠤ ᠭᠠᠵᠠᠷ ᠤᠨ ᠰᠠᠷᠠ

ᠠᠷᠪᠠᠨ ᠵᠢᠷᠭᠤᠭᠠᠨ ᠳᠠᠭᠠᠨ ᠳᠡᠷᠭᠡᠯᠰᠢᠳᠡᠭ᠌ ᠪᠣᠯ

ᠭᠦᠳᠡᠭᠡ ᠨᠤᠳᠤᠭ ᠤᠨ ᠮᠢᠨᠢ ᠰᠠᠷᠠ

ᠠᠷᠪᠠᠨ ᠳᠠᠪᠤᠨ ᠳᠠᠭᠠᠨ ᠴᠤ ᠳᠡᠷᠭᠡᠯ ᠶᠤᠮ

ᠠᠭᠳᠠ ᠭᠦᠯᠦᠭ᠌ ᠮᠤᠷᠢᠨ ᠤ ᠪᠠᠨ

ᠠᠯᠬᠤᠭ᠎ᠠ ᠰᠠᠢ᠌ᠪᠣᠷ ᠢ ᠳᠡᠩᠨᠡᠭᠦᠯᠤᠨ

ᠠᠯᠢᠶ᠎ᠠ ᠵᠠᠯᠠᠭᠤᠰ ᠪᠣᠯᠵᠤᠭ᠎ᠠ ᠪᠠᠳᠤᠯᠠᠨ

ᠳᠠᠯ᠎ᠠ ᠶᠢᠨ ᠣᠪᠣᠭᠠᠨ ᠳᠠᠭᠠᠨ ᠵᠤᠯᠭᠤᠬᠤ ᠳᠤ

ᠠᠯᠤᠰ ᠣᠭᠳᠠᠷᠭᠤᠢ ᠶᠢᠨ ᠳᠡᠷᠭᠡᠯ ᠰᠠᠷᠠ

ᠠᠳᠠᠭ᠎ᠠ ᠲᠡᠶ ᠶᠤᠮ ᠰᠢᠭ᠌ ᠮᠠᠯᠳᠠᠢ᠌ᠵᠤ

ᠠᠰᠤᠷᠢ ᠳᠡᠭ᠍ᠷᠢ ᠢᠷᠦᠭᠡᠯ ᠬᠠᠢ᠌ᠷᠠᠯᠠᠨ

ᠷᠠᠰᠢᠶᠠᠨ ᠣᠰᠤᠨ ᠶᠢᠡᠷ ᠶᠢᠡᠨ ᠮᠢᠯᠢᠶᠠᠳᠠᠭ

ᠬᠤᠶᠠᠷ ᠵᠢᠷᠦᠭᠡᠨ ᠤ ᠳᠠᠯᠠᠰᠤᠯᠳᠠ ᠶᠢ

ᠣᠯᠵᠤ ᠰᠤᠨᠤᠰᠤᠶ᠎ᠠ ᠭᠡᠰᠡᠨ ᠰᠢᠭ᠌

ᠬᠤᠨᠤᠭ ᠤᠨ ᠰᠢᠪᠠᠭᠤᠳ ᠱᠤᠯᠤᠭᠤᠨᠠᠬᠤ ᠪᠠᠨ ᠪᠠᠢ᠌ᠵᠤ

ᠡᠭᠦᠷ ᠲᠡᠭᠡᠨ ᠰᠢᠷᠭᠤᠨ ᠴᠢᠩᠨᠠᠯᠴᠠᠵᠤ

ᠬᠤᠩᠭ᠋ᠤᠷ ᠬᠤᠶᠠᠷ ᠤᠨ ᠵᠢᠷᠭᠠᠯ ᠢ

ᠰᠡᠳᠭᠢᠯ ᠳᠡᠭᠡᠨ ᠬᠠᠳᠠᠭᠠᠯᠠᠶ᠎ᠠ ᠭᠡᠰᠡᠨ ᠰᠢᠭ᠌

ᠬᠤᠸᠠᠷ ᠴᠡᠴᠡᠭ᠌ ᠳᠡᠯᠭᠡᠷᠡᠭᠦ ᠪᠠᠨ ᠪᠠᠢ᠌ᠵᠤ

ᠳᠠᠯᠪᠢ ᠪᠠᠨ ᠬᠤᠮᠢᠭᠠᠤᠨ ᠳᠤᠮᠪᠣᠢ᠌ᠯᠴᠠᠨ᠎ᠠ᠂

ᠢᠨᠠᠭ ᠤᠨ ᠪᠠᠯ ᠳᠤ ᠰᠤᠭᠳᠤᠷᠠᠭ᠎ᠠ

ᠠᠮᠠᠷᠠᠭ ᠵᠠᠯᠠᠭᠤᠰ ᠤᠨ ᠰᠡᠳᠭᠢᠯ

ᠠᠷᠪᠠᠨ ᠳᠠᠪᠤᠨ ᠤ ᠭᠡᠭᠡᠨ ᠰᠠᠷᠠ ᠰᠢᠭ

ᠠᠰᠢᠳᠠ ᠳᠡᠷᠭᠡᠯᠭᠡᠨ ᠪᠠᠢ᠌ᠭᠠᠰᠠᠢ︕

ᠠᠳᠠᠯ ᠣᠢ᠌ᠯᠠᠰ ᠶᠢᠡᠨ ᠪᠣᠰᠬᠠᠬᠤ

ᠠᠯᠤᠰ ᠤᠨ ᠠᠶᠠᠨ ᠵᠠᠮ ᠳᠠᠭᠠᠨ

ᠢᠯᠠᠭᠳᠠᠯ ᠪᠢᠰᠢ ᠢᠯᠠᠯᠳᠠ ᠪᠠᠷ ᠶᠢᠡᠨ

ᠣᠷᠭᠤᠬᠤ ᠨᠠᠷᠠᠨ ᠢ ᠣᠭᠳᠤᠭᠠᠰᠠᠢ︕

ᠭᠦᠭᠡ ᠮᠥᠩᠭᠦᠨ ᠳᠡᠭ᠍ᠷᠢ ᠨᠢ

ᠭᠦᠳᠡᠩ ᠦᠭᠡᠶ ᠴᠡᠯᠮᠡᠭᠦᠨ ᠳᠡᠭᠡᠨ ᠦᠦ︖

ᠭᠦᠪᠴᠢ ᠬᠠᠩᠭ᠋ᠠᠢ ᠶᠢᠨ ᠦᠳᠡᠰᠢ

ᠳᠠᠪᠵᠢᠶᠠᠨ ᠦᠭᠡᠶ ᠳᠠᠢ᠌ᠪᠣᠬᠠᠨ ᠳᠠᠭᠠᠨ ᠦᠦ︖

ᠭᠦᠮᠤᠨ ᠤ ᠭᠠᠵᠠᠷ ᠤᠨ ᠰᠠᠷᠠ

ᠠᠷᠪᠠᠨ ᠵᠢᠷᠭᠤᠭᠠᠨ ᠳᠠᠭᠠᠨ ᠳᠡᠷᠭᠡᠯᠰᠢᠳᠡᠭ᠌ ᠪᠣᠯ᠂

ᠭᠦᠳᠡᠭᠡ ᠨᠤᠳᠤᠭ ᠤᠨ ᠮᠢᠨᠢ ᠰᠠᠷᠠ

ᠠᠷᠪᠠᠨ ᠳᠠᠪᠤᠨ ᠳᠠᠭᠠᠨ ᠴᠤ ᠳᠡᠷᠭᠡᠯ ᠶᠤᠮ᠂


2010᠂ ᠪᠠᠭᠡᠵᠢᠩ ᠳᠤ


ᠵᠤᠬᠢᠶᠠᠭᠴᠢ ᠶᠢᠨ ᠬᠠᠶ‍ᠢᠭ ᠄ ᠪᠠᠭᠡᠵᠢᠩ ᠤᠨ ᠨᠠᠢ᠌ᠷᠠᠯᠳᠤ ᠨᠠᠢ᠌ᠷᠠᠮᠳᠠᠬᠤ ᠰᠦᠮ᠎ᠡ ᠶᠢᠨ 12 ᠨᠤᠮᠸᠷ

ᠵᠤᠬᠢᠶᠠᠭᠴᠢ᠄ ᠪᠣᠷᠵᠢᠭᠢᠨ·ᠮᠥᠩᠭᠡᠤ᠋ᠳᠽᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3213
ᠴᠠᠭ᠄ 2010 ᠤᠨ ᠤ 03 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ