ᠰᠤᠶᠤᠮᠪᠣ
ᠡᠪ ᠨᠢᠭᠡᠳᠦᠯ ᠤᠨ ᠪᠠᠯᠭᠡᠳᠡᠯ᠂ ᠡᠷᠭᠡᠳᠤ ᠲᠦᠷᠦ ᠶᠢᠨ ᠭᠡᠢ ᠮᠤᠷᠢ ᠰᠤᠶᠤᠮᠪᠣ ᠪᠣᠯ ᠮᠤᠩᠭ᠋ᠤᠯ ᠤᠨ ᠠᠷᠠᠤᠨ ᠲᠦᠮᠡᠨ ᠤ ᠡᠷᠭᠡ ᠴᠢᠯᠦᠭᠡ᠂ ᠳᠤᠰᠭᠠᠷ ᠳᠤᠭᠳᠠᠨᠢᠯ ᠤᠨ ᠪᠠᠯᠭᠡ ᠲᠡᠮᠳᠡᠭ᠌ ᠶᠤᠮ᠃
ᠰᠤᠶᠤᠮᠪᠣ ᠶᠢᠨ ᠡᠭᠡ ᠵᠠᠭᠪᠣᠷ ᠢ᠂ ᠰᠤᠶᠤᠮᠪᠣ ᠥᠰᠦᠭ᠌ ᠢ ᠵᠤᠬᠢᠶᠠᠭᠴᠢ ᠵᠠᠨᠠᠪᠠᠽᠠᠷ ᠭᠠᠷᠭᠠᠭᠰᠠᠨ ᠳᠤᠬᠠᠢ ᠨᠤᠮ ᠪᠠᠢ᠌ᠳᠠᠭ᠃ ᠭᠡᠪᠠᠴᠤ ᠳᠡᠭᠦᠨ ᠤ ᠪᠦᠳᠦᠴᠡ ᠶᠢᠨ ᠡᠯ᠎ᠡ ᠵᠢᠷᠤᠭ ᠤᠨ ᠣᠤᠠᠬ᠎ᠠ ᠰᠠᠨᠠᠭ᠎ᠠ ᠶᠢ ᠮᠡᠳᠡᠭᠦ ᠦᠭᠡᠶ ᠭᠦᠮᠦᠰ ᠪᠠᠭ᠎ᠠ ᠪᠣᠰᠤ ᠪᠣᠢ᠃ ᠳᠤᠤᠷ᠎ᠠ ᠦᠪᠡᠷ ᠤᠨ ᠰᠤᠨᠤᠰᠴᠤ ᠮᠡᠳᠡᠭ᠍ᠰᠡᠨ ᠶᠢᠡᠨ ᠳᠠᠨᠢᠯᠴᠠᠭᠤᠯᠤᠶ᠎ᠠ᠃
ᠰᠤᠶᠤᠮᠪᠣ ᠶᠢᠨ ᠬᠠᠮᠤᠭ ᠤᠨ ᠳᠡᠭᠡᠷ᠎ᠡ ᠪᠠᠢ᠌ᠳᠠᠭ ᠭᠤᠷᠪᠠᠨ ᠭᠠᠯ ᠪᠣᠯ ᠥᠩᠭᠡᠷᠡᠭ᠍ᠰᠡᠨ᠂ ᠣᠳᠤ᠂ ᠢᠷᠡᠭᠡᠳᠦᠢ ᠶᠢᠨ ᠭᠤᠷᠪᠠᠨ ᠴᠠᠭ ᠲᠤ ᠮᠠᠠᠳᠤᠬᠤ ᠶᠢᠨ ᠪᠠᠯᠭᠡᠳᠡᠯ ᠪᠦᠭᠡᠤᠨ ᠶᠠᠷᠤ ᠨᠢ ᠭᠠᠯ ᠢ ᠮᠤᠩᠭ᠋ᠤᠯᠴᠤᠳ ᠭᠤᠯᠤᠮᠳᠠ ᠵᠠᠯᠭᠠᠮᠵᠢᠯᠠᠬᠤ᠂ ᠮᠠᠠᠳᠤᠵᠤ ᠪᠠᠳᠠᠷᠠᠬᠤ ᠶᠢᠨ ᠣᠤᠠᠬ᠎ᠠ ᠪᠠᠷ ᠭᠡᠷᠡᠭᠯᠡᠳᠡᠭ᠌ ᠵᠠᠩᠰᠢᠯ ᠲᠡᠶ ᠶᠤᠮ᠃ ᠡᠢ᠌ᠮᠤ ᠡᠴᠡ᠂ ᠡᠭᠦᠨ ᠤ ᠪᠠᠯᠭᠡᠳᠡᠯ ᠪᠣᠯᠠᠢ᠃ ᠮᠥᠩᠭᠡ ᠳᠡᠭ᠍ᠷᠢ ᠶᠢ ᠳᠦᠯᠦᠭᠡᠯᠡᠭ᠍ᠰᠡᠨ ᠨᠠᠷᠠᠨ ᠰᠠᠷᠠᠨ ᠬᠤᠶᠠᠷ ᠪᠣᠯ ᠮᠤᠩᠭ᠋ᠤᠯ ᠤᠨ ᠡᠷᠳᠡᠨ ᠤ ᠰᠦᠯᠳᠡ ᠳᠠᠮᠠᠭ᠎ᠠ ᠶᠤᠮ᠃ ᠢᠩᠭᠢᠭᠡᠤᠨ ᠭᠠᠯ᠂ ᠨᠠᠷᠠ᠂ ᠰᠠᠷ᠎ᠠ ᠭᠤᠷᠪᠠ ᠪᠠᠷ ᠠᠰᠢᠳᠠ ᠵᠢᠨ ᠮᠠᠠᠳᠤᠨ ᠪᠠᠳᠠᠷᠠᠬᠤ ᠶᠢᠨ ᠪᠠᠯᠭᠡᠳᠡᠯ ᠪᠣᠯᠵᠤ ᠪᠠᠢ᠌ᠬᠤ ᠶᠤᠮ᠃
ᠰᠤᠶᠤᠮᠪᠣ ᠶᠢᠨ ᠳᠤᠳᠤᠷᠠᠭᠢ ᠬᠤᠶᠠᠷ ᠭᠤᠷᠪᠠᠯᠵᠢᠨ ᠪᠣᠯ ᠵᠢᠳᠠ᠂ ᠳᠤᠷᠤᠭᠰᠢ ᠬᠠᠷᠠᠭᠤᠯᠤᠭᠰᠠᠨ ᠰᠤᠮᠤᠨ ᠤ ᠭᠢᠯᠪᠠᠷ (ᠰᠢᠭᠳᠠᠭᠠᠯ) ᠶᠢᠡᠷ ᠳᠠᠢ᠌ᠰᠤᠨ ᠢ ᠳᠠᠷᠤᠬᠤ ᠭᠡᠭ᠍ᠰᠡᠨ ᠣᠤᠠᠬ᠎ᠠ ᠲᠡᠶ᠃ ᠰᠤᠶᠤᠮᠪᠣ ᠶᠢᠨ ᠲᠦᠪ ᠲᠤ ᠪᠠᠢ᠌ᠬᠤ ᠬᠤᠶᠠᠷ ᠵᠢᠭᠠᠰᠤᠨ ᠤ ᠳᠡᠭᠡᠷ᠎ᠡ ᠳᠤᠤᠷ᠎ᠠ ᠡᠴᠡ ᠬᠠᠰᠢᠭᠰᠠᠨ ᠳᠡᠭ᠍ᠰᠢ ᠥᠡᠴᠦᠭ᠍ᠳᠤ ᠳᠦᠷᠰᠦ ᠶᠢ ᠭᠡᠷᠭᠡᠯᠡᠭ᠍ᠰᠡᠨ ᠨᠢ ᠰᠢᠳᠤᠷᠭᠤ ᠵᠢᠷᠤᠮ ᠲᠡᠶ᠂ ᠰᠢᠯᠤᠭᠤᠨ ᠭᠡᠭ᠍ᠰᠡᠨ ᠣᠤᠠᠬ᠎ᠠ ᠪᠦᠭᠡᠤᠨ ᠪᠦᠭᠡᠷᠡᠩᠭᠡᠢ ᠶᠢᠨ ᠡᠰᠡᠷᠭᠦᠤ ᠣᠤᠠᠬ᠎ᠠ ᠶᠢ ᠢᠯᠡᠳᠭᠡᠨ᠎ᠡ᠃ ᠣᠴᠢᠷ ᠨᠢ ᠪᠦᠭᠡᠷᠡᠩᠭᠡᠢ ᠦᠵᠡᠯ ᠢ ᠮᠤᠩᠭ᠋ᠤᠯᠴᠤᠳ᠂ ᠳᠤᠭᠳᠠᠪᠣᠷᠢ ᠦᠭᠡᠶ ᠰᠠᠤᠠᠭᠢᠯ ᠢ ᠢᠯᠡᠷᠭᠡᠢ᠌ᠯᠡᠨ᠎ᠡ ᠭᠡᠵᠤ ᠥᠵᠡᠳᠡᠭ᠌ ᠶᠤᠮ᠃ ᠭᠦᠮᠤᠨ ᠪᠦᠭᠦᠨ ᠣᠯᠤᠰ ᠤᠨ ᠶᠢᠡᠨ ᠳᠦᠯᠦᠭᠡ ᠴᠢᠭ᠍ᠴᠢ ᠰᠢᠳᠤᠷᠭᠤ ᠪᠠᠷ ᠭᠦᠴᠤ ᠪᠠᠨ ᠦᠭᠭᠦᠳᠦᠭᠡᠢ ᠭᠡᠭ᠍ᠰᠡᠨ ᠳᠡᠮᠳᠡᠭ᠌ ᠪᠣᠯᠠᠢ᠃
ᠨᠥᠭᠦᠭᠡ ᠳᠠᠯ᠎ᠠ ᠪᠠᠷ᠂ ᠵᠢᠭᠠᠰᠤ ᠶᠢ ᠡᠷᠳᠡᠨ ᠤ ᠮᠤᠩᠭ᠋ᠤᠯᠴᠤᠳ ᠡᠳᠦᠷ ᠰᠦᠨᠢ ᠶᠢᠨ 24 ᠴᠠᠭ ᠲᠤ ᠨᠢᠳᠤ ᠪᠠᠨ ᠠᠨᠢᠳᠠᠭ ᠦᠭᠡᠶ ᠰᠤᠨᠤᠷ ᠰᠤᠷᠭᠤᠭ ᠠᠮᠢᠳᠠᠨ ᠭᠡᠵᠤ ᠥᠵᠡᠳᠡᠭ ᠡᠴᠡ ᠳᠠᠢ᠌ᠮᠤ ᠣᠤᠠᠬ᠎ᠠ ᠶᠢᠨ ᠢᠯᠡᠷᠭᠡᠢ᠌ᠯᠡᠯ ᠪᠣᠯᠭᠠᠵᠠᠢ᠃ ᠮᠦᠨ ᠴᠤ ᠬᠤᠶᠠᠷ ᠵᠢᠭᠠᠰᠤ ᠨᠢ ᠠᠷᠭ᠎ᠠ ᠪᠢᠯᠢᠭ᠌ ᠪᠣᠶᠤ ᠡᠷ᠎ᠡ ᠡᠮ᠎ᠡ ᠭᠡᠰᠡᠨ ᠣᠤᠠᠬ᠎ᠠ ᠲᠡᠶ᠃ ᠭᠦᠮᠤᠨ ᠠᠷᠠᠤᠨ ᠡᠷᠡᠭ᠍ᠳᠡᠢ ᠡᠮᠡᠭ᠍ᠳᠡᠢ ᠴᠦᠮ ᠰᠤᠨᠤᠷ ᠰᠤᠷᠭᠤᠭ ᠰᠠᠷᠠᠮᠵᠢᠳᠠᠢ ᠪᠠᠢ᠌ᠵᠤ᠂ ᠦᠰᠴᠦ ᠦᠷᠡᠵᠢᠨ ᠣᠯᠤᠰ ᠣᠷᠤᠨ ᠶᠢᠡᠨ ᠴᠡᠴᠡᠭᠯᠡᠭᠦᠯᠦᠨ᠎ᠡ ᠭᠡᠭ᠍ᠰᠡᠨ ᠣᠯᠠᠨ ᠣᠤᠠᠬ᠎ᠠ ᠶᠢ ᠪᠠᠭᠳᠠᠭᠠᠵᠤ ᠪᠠᠢ᠌ᠨ᠎ᠠ᠃
ᠰᠤᠶᠤᠮᠪᠣ ᠶᠢᠨ ᠬᠤᠶᠠᠷ ᠬᠠᠵᠠᠭᠤ ᠶᠢᠨ ᠪᠣᠰᠤᠭ᠎ᠠ ᠳᠡᠭ᠍ᠰᠢ ᠥᠡᠴᠦᠭ᠍ᠳᠤ ᠨᠢ ᠡᠷᠳᠡᠨ ᠤ ᠪᠢᠴᠢᠭ᠌ ᠤᠨ ᠵᠣᠢ᠌ᠯ ᠳᠤ《ᠭᠡᠷᠡᠮ》 ᠢ ᠳᠦᠷᠰᠦᠯᠡᠭ᠍ᠰᠡᠨ ᠳᠡᠮᠳᠡᠭ᠌ ᠪᠦᠭᠡᠤᠨ ᠡᠨᠡ ᠨᠢ ᠪᠦᠭᠦ ᠠᠷᠠᠤᠨ ᠲᠦᠮᠡᠨ ᠡᠭᠡ ᠣᠷᠤᠨ ᠤ ᠪᠠᠨ ᠳᠦᠯᠦᠭᠡ ᠡᠪ ᠨᠢᠭᠡᠳᠦᠯ ᠲᠡᠶ ᠪᠣᠯ᠂ ᠭᠠᠩ ᠭᠡᠷᠡᠮ ᠡᠴᠡ ᠴᠤ ᠪᠠᠳᠤ ᠪᠠᠭᠢ ᠭᠡᠰᠡᠨ ᠮᠤᠩᠭ᠋ᠤᠯ ᠤᠨ ᠴᠠᠴᠠᠨ ᠥᠭᠡ ᠶᠢ ᠵᠢᠷᠤᠭ ᠤᠨ ᠳᠦᠷᠰᠤ ᠪᠠᠷ ᠢᠯᠡᠷᠭᠡᠢ᠌ᠯᠡᠵᠡᠢ᠃
ᠶᠡᠷᠦᠩᠭᠡᠢ᠌ᠯᠡᠭᠡᠤᠨ ᠰᠤᠶᠤᠮᠪᠣ ᠳᠡᠮᠳᠡᠭ᠌ ᠪᠣᠯ᠄ ᠭᠠᠯ ᠮᠠᠳᠤ ᠮᠠᠠᠳᠤᠨ ᠪᠠᠳᠠᠷᠴᠤ᠂ ᠨᠠᠷᠠᠨ᠂ ᠰᠠᠷᠠᠨ ᠮᠠᠳᠤ ᠭᠡᠷᠡᠯᠳᠤᠨ ᠮᠥᠩᠭᠡᠵᠢᠵᠤ᠂ ᠰᠤᠮᠤ ᠮᠠᠳᠤ ᠬᠤᠷᠴᠠ ᠰᠢᠯᠤᠭᠤᠨ᠂ ᠬᠤᠶᠠᠭ ᠮᠠᠳᠤ ᠪᠠᠳᠤ ᠪᠠᠭᠢ ᠪᠠᠢ᠌ᠵᠤ᠂ ᠵᠢᠭᠠᠰᠤ ᠮᠠᠳᠤ ᠰᠤᠨᠤᠷ ᠰᠤᠷᠭᠤᠭ᠂ ᠦᠨᠢᠷ ᠢᠳᠡᠭᠡᠨ ᠶᠠᠪᠣᠵᠤ᠂ ᠠᠷᠭ᠎ᠠ ᠪᠢᠯᠢᠭ᠌ ᠬᠤᠤᠰᠯᠠᠨ᠂ ᠳᠠᠮᠤᠷ ᠭᠡᠷᠡᠮ ᠯᠤᠭ᠎ᠠ ᠠᠳᠠᠯᠢ ᠲᠦᠷᠦ ᠣᠯᠤᠰ ᠶᠢᠡᠨ ᠬᠠᠮᠭᠠᠯᠠᠶᠠ ᠭᠡᠰᠡᠨ ᠭᠦᠨ ᠣᠤᠠᠬ᠎ᠠ ᠲᠡᠶ ᠠᠵᠠᠢ᠃
(ᠨᠠᠢᠷᠠᠭᠤᠯᠤᠭᠴᠢ ᠡᠴᠡ ᠬᠢᠭᠰᠡᠨ ᠨᠡᠮᠡᠯᠲᠡ)
ᠮᠤᠩᠭᠤᠯ ᠤᠨ 《ᠶᠡᠬᠡ ᠲᠠᠢᠯᠪᠤᠷᠢ ᠲᠤᠯᠢ》ᠳ᠋ᠤ ᠰᠤᠶᠤᠮᠪᠤ ᠳᠤ ᠭᠤᠷᠪᠠᠨ ᠲᠠᠢᠯᠪᠤᠷᠢ ᠦᠭᠭᠦᠭᠰᠡᠨ ᠪᠠᠢᠨ᠎ᠠ᠃
СОЁМБО
ᠰᠣᠶᠤᠮᠪᠤ
1. Өндөр гэгээн Занабазарын 1686 онд энэтхэгийн ланз үсэгт тулгуурлан зохиосон цагаан толгойт бичиг;
2. Сав ертөнцийн оршлыг бэлгэдсэн шороо, ус, гал, хий, огторгуйг дүрслэн, бас шим ертөнц буюу хүний биеийн бүтцийг тусгасан үсэг - Хөдөө газар (наадмын талбайн байдалтай) төвөд том, алтан соёмбо үсэг байна. Д.Нацагдорж. Зохиолууд;
3. Монгол улсын тусгаар тогтнол, бүрэн эрхт байдлын бэлгэдэл болгож төрийн далбаан дээр урласан бэлгэ тэмдэг - Тэр туг нь ухаа хамбан дээр хоёр эгнээ үсэгтэй дундаа соёмбо тэмдэгтэй, гонзгойдуу хэлбэртэй байсан. Д.Гонгор нар. Д.Сүхбаатарын тухай дуртгалууд.
ᠬᠦᠷᠪᠡᠭᠦᠯᠪᠡᠯ᠄
1᠂ ᠦᠨᠳᠦᠷ ᠭᠡᠭᠡᠨ ᠵᠠᠨᠠᠪᠠᠽᠠᠷ ᠤᠨ 1686 ᠤᠨ ᠳᠤ ᠡᠨᠡᠳᠭᠡᠭ ᠤᠨ ᠯᠠᠨᠵᠠ ᠦᠰᠦᠭ ᠲᠤ ᠲᠤᠯᠭᠠᠭᠤᠷᠢᠯᠠᠨ ᠵᠤᠬᠢᠶᠠᠭᠰᠠᠨ ᠴᠠᠭᠠᠨ ᠲᠤᠯᠤᠭᠠᠢᠲᠤ ᠪᠢᠴᠢᠭ᠌;
2᠂ ᠰᠠᠪᠠ ᠶᠢᠷᠲᠢᠨᠴᠦ ᠶᠢᠨ ᠤᠷᠤᠰᠢᠯ ᠢ ᠪᠡᠯᠭᠡᠳᠡᠭᠰᠡᠨ ᠰᠢᠷᠤᠢ᠂ ᠤᠰᠤ᠂ ᠭᠠᠯ᠂ ᠬᠡᠢ᠂ ᠤᠭᠳᠠᠷᠭᠤᠢ ᠶᠢ ᠳᠦᠷᠰᠦᠯᠡᠭᠰᠡᠨ᠂ ᠪᠠᠰᠠ ᠰᠢᠮ᠎ᠡ ᠶᠢᠷᠲᠢᠨᠴᠦ ᠪᠤᠶᠤ ᠬᠦᠮᠦᠨ ᠤ ᠪᠡᠶ᠎ᠡ ᠶᠢᠨ ᠪᠦᠲᠦᠴᠡ ᠶᠢ ᠲᠤᠰᠬᠠᠭᠰᠠᠨ ᠦᠰᠦᠭ ᠊᠊᠊᠊᠊᠊᠊᠊᠊᠊᠊᠊᠊᠊᠊᠊᠊᠊᠊᠊᠊᠊᠊᠊᠊᠊ ᠬᠥᠳᠡᠭᠡ ᠭᠠᠵᠠᠷ ( ᠨᠠᠭᠠᠳᠤᠮ ᠤᠨ ᠲᠠᠯᠠᠪᠠᠢ ᠶᠢᠨ ᠪᠠᠢᠳᠠᠯ ᠲᠠᠢ) ᠲᠥᠪ ᠲᠤ ᠲᠤᠮᠤ᠂ ᠠᠯᠲᠠᠨ ᠰᠤᠶᠤᠮᠪᠤ ᠦᠰᠦᠭ ᠪᠠᠢᠨ᠎ᠠ᠃ (ᠳ·ᠨᠠᠴᠤᠭᠳᠤᠷᠵᠢ᠃ ᠵᠤᠬᠢᠶᠠᠯ ᠤᠳ);
3᠂ ᠮᠤᠩᠭᠤᠯ ᠤᠯᠤᠰ ᠤᠨ ᠲᠤᠰᠠᠭᠠᠷ ᠲᠤᠭᠲᠠᠨᠢᠯ᠂ ᠪᠦᠷᠢᠨ ᠡᠷᠬᠡᠲᠤ ᠪᠠᠢᠳᠠᠯ ᠤᠨ ᠪᠡᠯᠭᠡᠳᠡᠯ ᠪᠤᠯᠭᠠᠵᠤ ᠲᠦᠷᠦ ᠶᠢᠨ ᠳᠠᠯᠪᠠᠭ᠎ᠠ ᠳᠡᠭᠡᠷ᠎ᠡ ᠤᠷᠠᠯᠠᠭᠰᠠᠨ ᠪᠡᠯᠭᠡ ᠲᠡᠮᠳᠡᠭ ᠊᠊᠊᠊᠊᠊᠊᠊᠊᠊᠊᠊᠊᠊᠊᠊᠊᠊᠊᠊᠊᠊᠊᠊᠊᠊᠊᠊ ᠲᠡᠷᠡ ᠲᠤᠭ ᠨᠢ ᠤᠬᠠᠭ᠎ᠠ ᠬᠠᠩᠪᠤ ᠶᠢᠨ ᠳᠡᠭᠡᠷ᠎ᠡ ᠬᠤᠶᠠᠷ ᠡᠩᠨᠡᠭᠡ ᠦᠰᠦᠭ ᠲᠡᠢ ᠳᠤᠮᠳᠠ ᠪᠠᠨ ᠰᠤᠶᠤᠮᠪᠤ ᠲᠡᠮᠳᠡᠭ ᠲᠡᠢ᠂ ᠭᠤᠨᠵᠤᠭᠤᠢᠳᠠᠭᠤ ᠬᠡᠯᠪᠡᠷᠢᠲᠡᠢ ᠪᠠᠢᠭᠰᠠᠨ᠃ (ᠳ·ᠭᠤᠩᠭᠤᠷ ᠨᠠᠷ᠃ ᠳ·ᠰᠦᠬᠡᠪᠠᠭᠠᠲᠤᠷ ᠤᠨ ᠲᠤᠬᠠᠢ ᠲᠤᠷᠠᠳᠬᠠᠯ ᠤᠳ)᠃
ᠢᠷᠡᠯᠲᠡ᠄ ᠥᠭᠡᠯᠡᠳ ᠭᠠᠯᠳᠠᠨ ᠬᠠᠩᠭᠠᠪᠠ
ᠬᠠᠷᠢᠶ᠎ᠠ᠄
ᠮᠤᠩᠭᠤᠯ ᠲᠡᠦᠬᠡᠳᠠᠷᠤᠮ᠄ 21616
ᠴᠠᠭ᠄ 2005 ᠤᠨ ᠤ 11 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ