☆ ᠭᠦᠷᠵᠡᠪ
ᠬᠠᠪᠣᠷ
(ᠬᠡᠦᠬᠡᠳ ᠤᠨ ᠰᠢᠯᠦᠭ᠌)
1᠂ ᠬᠠᠯᠳᠠᠷ ᠨᠤᠬᠠᠢ ᠭᠦᠯ ᠶᠢᠡᠨ ᠳᠤᠯᠢᠶᠠᠨ᠎ᠠ
ᠬᠠᠯᠳᠠᠷ ᠨᠤᠬᠠᠢ ᠭᠦᠯ ᠶᠢᠡᠨ ᠳᠤᠯᠢᠶᠠᠨ᠎ᠠ ᠊᠊᠊᠊᠊᠊᠊᠊᠊᠊᠊᠊᠊᠊᠊
ᠬᠠᠪᠣᠷ ᠴᠠᠭ ᠪᠣᠯᠤᠭᠰᠠᠨ ᠰᠢᠤ
ᠬᠠᠮᠤᠭ ᠪᠣᠳᠠᠰ ᠠᠮᠢᠯᠠᠭᠰᠠᠨ ᠰᠢᠤ
ᠬᠠᠩᠭ᠋ᠠᠢ ᠳᠠᠯ᠎ᠠ ᠭᠦᠭᠡᠷᠴᠤ
ᠬᠠᠪᠣᠷᠵᠢᠶᠠᠨ ᠳᠤ ᠠᠢ᠌ᠯ ᠤᠳ ᠨᠡᠭᠦᠭ᠍ᠰᠡᠨ ᠰᠢᠤ ᠭᠡᠳ
ᠬᠠᠯᠳᠠᠷ ᠨᠤᠬᠠᠢ ᠭᠦᠯ ᠶᠢᠡᠨ ᠳᠤᠯᠢᠶᠠᠨ᠎ᠠ᠃
ᠬᠠᠯᠳᠠᠷ ᠨᠤᠬᠠᠢ ᠭᠦᠯ ᠶᠢᠡᠨ ᠳᠤᠯᠢᠶᠠᠨ᠎ᠠ ᠊᠊᠊᠊᠊᠊᠊᠊᠊᠊᠊᠊᠊᠊᠊
ᠨᠠᠭᠤᠷ ᠭᠤᠤᠯ ᠨᠡᠯᠥᠢᠭ᠍ᠰᠡᠨ ᠰᠢᠤ
ᠨᠤᠭᠤᠰᠤ ᠭᠠᠯᠠᠭᠤ ᠡᠷᠭᠢᠭ᠍ᠰᠡᠨ ᠰᠢᠤ
ᠨᠢᠭᠤᠷ ᠶᠢᠡᠨ ᠥᠷᠭᠦᠯᠵᠢ ᠣᠭᠢᠶᠠᠵᠤ ᠪᠠᠢ᠌ᠶ᠎ᠠ
ᠨᠢᠰᠤ ᠪᠠᠨ ᠡᠭᠦᠷᠢᠳᠡ ᠠᠷᠴᠢᠵᠤ ᠪᠠᠢ᠌ᠶ᠎ᠠ ᠭᠡᠳ
ᠬᠠᠯᠳᠠᠷ ᠨᠤᠬᠠᠢ ᠭᠦᠯ ᠶᠢᠡᠨ ᠳᠤᠯᠢᠶᠠᠨ᠎ᠠ᠃
ᠬᠠᠯᠳᠠᠷ ᠨᠤᠬᠠᠢ ᠭᠦᠯ ᠶᠢᠡᠨ ᠳᠤᠯᠢᠶᠠᠨ᠎ᠠ ᠊᠊᠊᠊᠊᠊᠊᠊᠊᠊᠊᠊᠊᠊᠊
ᠭᠦᠮᠤᠨ ᠪᠣᠯᠭᠠᠨ ᠳᠤ ᠡᠷᠡᠭᠦᠯ ᠭᠡᠷᠡᠭ᠍ᠳᠡᠢ ᠰᠢᠤ
ᠭᠡᠵᠢᠶ᠎ᠡ ᠪᠣᠯᠪᠠᠴᠤ ᠠᠷᠢᠭᠤᠨ ᠰᠠᠢ᠌ᠬᠠᠨ ᠰᠢᠤ
ᠬᠡᠦᠬᠡᠳ ᠠᠬᠤᠢ ᠡᠴᠡ ᠪᠠᠨ ᠮᠡᠳᠡᠭᠦ ᠴᠢᠬᠤᠯᠠᠳᠠᠢ ᠰᠢᠤ
ᠭᠡᠴᠢᠶᠡᠵᠤ ᠠᠩᠬᠠᠷᠴᠤ ᠶᠠᠪᠣᠪᠠᠯ ᠵᠤᠭᠢᠯᠳᠠᠢ ᠰᠢᠤ ᠭᠡᠳ
ᠬᠠᠯᠳᠠᠷ ᠨᠤᠬᠠᠢ ᠭᠦᠯ ᠶᠢᠡᠨ ᠳᠤᠯᠢᠶᠠᠨ᠎ᠠ᠃
2᠂ ᠮᠤᠳᠤ ᠰᠠᠭᠤᠯᠭᠠᠶ᠎ᠠ
ᠮᠤᠳᠤ ᠰᠠᠭᠤᠯᠭᠠᠶ᠎ᠠ᠂ ᠮᠤᠳᠤ ᠰᠠᠭᠤᠯᠭᠠᠶ᠎ᠠ ᠊᠊᠊᠊᠊᠊᠊᠊᠊᠊᠊᠊᠊᠊᠊
ᠮᠣᠢ᠌ᠯ᠂ ᠦᠷᠢᠯ᠂ ᠴᠠᠷᠠᠰᠤᠨ ᠮᠤᠳᠤ ᠵᠢ
ᠮᠤᠩᠭ᠋ᠤᠯ ᠤᠨ ᠰᠠᠢ᠌ᠬᠠᠨ ᠨᠤᠳᠤᠭ ᠲᠠᠭᠠᠨ ᠰᠠᠭᠤᠯᠭᠠᠶ᠎ᠠ᠂
ᠮᠤᠨᠢ᠂ ᠠᠯᠳᠠᠢ ᠊᠊᠊᠊᠊᠊᠊᠊᠊᠊᠊᠊᠊᠊᠊ ᠠᠭᠤᠯᠠᠰ ᠬᠠᠢ᠌ᠷᠬᠠᠤᠨ ᠳᠠᠭᠠᠨ
ᠮᠥᠩᠭᠡ ᠨᠤᠭᠤᠭᠠᠨ ᠬᠤᠪᠴᠠᠰᠤ ᠨᠥᠮᠦᠷᠭᠡᠶᠡ᠃
ᠮᠥᠩᠭᠦᠨ ᠰᠠᠬᠠᠯᠳᠤ ᠪᠣᠭᠤᠷᠤᠯ ᠨᠠᠰᠠᠳᠠᠤᠨ ᠲᠠᠭᠠᠨ
ᠮᠤᠷᠠᠯ ᠭᠦᠳᠡᠯᠮᠦᠷᠢ ᠲᠡᠶ ᠰᠠᠢ᠌ᠨ ᠬᠡᠦᠬᠡᠳ ᠭᠡᠵᠤ
ᠮᠠᠭᠳᠠᠭᠳᠠᠵᠤ ᠰᠠᠢ᠌ᠰᠢᠶᠠᠭᠳᠠᠵᠤ ᠶᠠᠪᠣᠶ᠎ᠠ᠁
3᠂ ᠭᠠᠯᠠᠭᠤ ᠠᠢ᠌ᠰᠤᠢ
ᠭᠠᠯᠠᠭᠤ ᠠᠢ᠌ᠰᠤᠢ
ᠭᠠᠯᠠᠭᠤ ᠠᠢ᠌ᠰᠤᠢ ᠊᠊᠊᠊᠊᠊᠊᠊᠊᠊᠊᠊᠊᠊᠊
ᠭᠠᠩᠭ᠋ᠠᠩ ᠵᠢᠭᠦᠷ ᠵᠢᠠᠨ
ᠳᠡᠪᠢᠭ᠍ᠰᠡᠭᠡᠷ ᠠᠢ᠌ᠰᠤᠢ᠂
ᠭᠠᠷ ᠭᠠᠷ ᠵᠢᠠᠨ
ᠬᠤᠯᠪᠣᠭᠰᠠᠭᠠᠷ ᠠᠢ᠌ᠰᠤᠢ᠂
ᠭᠨ ᠭᠨ ᠬᠠᠪᠣᠷ ᠢ
ᠣᠷᠢᠭᠰᠠᠭᠠᠷ ᠠᠢ᠌ᠰᠤᠢ᠃
ᠭᠠᠯᠠᠭᠤ ᠠᠢ᠌ᠰᠤᠢ
ᠭᠠᠯᠠᠭᠤ ᠠᠢ᠌ᠰᠤᠢ ᠊᠊᠊᠊᠊᠊᠊᠊᠊᠊᠊᠊᠊᠊᠊
ᠭᠠᠵᠠᠷ ᠣᠰᠤ ᠪᠠᠨ
ᠳᠤᠷᠠᠰᠤᠭᠰᠠᠭᠠᠷ ᠠᠢ᠌ᠰᠤᠢ᠂
ᠭᠠᠩᠭ᠋ᠠᠷ ᠭᠤᠩᠭ᠋ᠤᠷ
ᠳᠠᠭᠤᠯᠠᠭᠰᠠᠭᠠᠷ ᠠᠢ᠌ᠰᠤᠢ᠂
ᠭᠠᠢ᠌ᠬᠠᠮᠰᠢᠭᠳᠤ ᠣᠢ᠌ᠯᠠᠰ ᠢ ᠮᠢᠨᠢ
ᠮᠠᠭᠳᠠᠭᠰᠠᠭᠠᠷ ᠠᠢ᠌ᠰᠤᠢ᠃
4᠂ ᠭᠠᠯᠠᠭᠤ ᠪᠢ
ᠦᠨᠳᠦᠷ ᠭᠦᠭᠡ ᠣᠭᠳᠠᠷᠭᠤᠢ ᠵᠢᠨ
ᠢᠳᠡᠭᠡᠨ ᠠᠭᠠᠷ ᠢ ᠵᠥᠰᠦᠭ᠍ᠰᠡᠭᠡᠷ
ᠥᠷᠭᠡᠨ ᠨᠤᠭᠤᠭᠠᠨ ᠳᠠᠯ᠎ᠠ ᠵᠢᠨ
ᠦᠨᠢᠷ ᠴᠡᠴᠡᠭ᠌ ᠢ ᠰᠤᠨᠢᠷᠬᠠᠭᠰᠠᠭᠠᠷ
ᠭᠠᠯᠠᠭᠤ ᠪᠢ ᠨᠢᠰᠴᠤ ᠯᠠ ᠶᠠᠪᠣᠨ᠎ᠠ᠂
ᠭᠠᠵᠠᠷ ᠤᠨ ᠬᠤᠯᠠ ᠶᠢ ᠵᠤᠷᠢᠵᠤ ᠯᠠ ᠶᠠᠪᠣᠨ᠎ᠠ᠃
ᠭᠦᠰᠡᠯᠳᠤ ᠠᠮᠢᠳᠤᠷᠠᠯ ᠤᠨ ᠳᠠᠯᠠᠢ ᠡᠴᠡ
ᠰᠤᠪᠣᠤᠨ ᠳᠠᠨ᠎ᠠ ᠶᠢ ᠱᠥᠭᠦᠭᠦ ᠪᠠᠷ
ᠭᠦᠮᠤᠨ ᠤ ᠠᠮᠢᠳᠤᠷᠠᠯ ᠤᠨ ᠰᠠᠢ᠌ᠬᠠᠨ ᠳ᠋ᠤ
ᠳᠤᠰᠤᠯ ᠭᠦᠯᠦᠰᠤ ᠪᠠᠨ ᠨᠡᠮᠡᠷᠢᠯᠡᠭᠦ ᠪᠠᠷ
ᠭᠠᠯᠠᠭᠤ ᠪᠢ ᠨᠢᠰᠴᠤ ᠯᠠ ᠶᠠᠪᠣᠨ᠎ᠠ᠂
ᠭᠠᠵᠠᠷ ᠤᠨ ᠬᠤᠯᠠ ᠶᠢ ᠵᠤᠷᠢᠵᠤ ᠯᠠ ᠶᠠᠪᠣᠨ᠎ᠠ᠃
(ᠵᠤᠭᠢᠶᠠᠭᠴᠢ ᠶᠢᠨ 《ᠮᠢᠨᠤ ᠬᠠᠯᠳᠠᠷ ᠭᠦᠯᠦᠭᠡ》᠂ 《ᠨᠠᠷᠠ ᠲᠡᠶ ᠭᠠᠵᠠᠷ ᠨᠠᠭᠠᠳᠬᠤ ᠰᠠᠢ᠌ᠬᠠᠨ》 ᠭᠡᠭᠦ ᠬᠤᠶᠠᠷ ᠬᠡᠦᠬᠡᠳ ᠤᠨ ᠰᠢᠯᠦᠭ᠌ ᠤᠨ ᠳᠡᠭᠦᠪᠦᠷᠢ ᠡᠴᠡ ᠰᠤᠩᠭ᠋ᠤᠪᠠ)
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2869
ᠴᠠᠭ᠄ 2009 ᠤᠨ ᠤ 03 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ