☆ ᠨᠤ᠋·ᠳᠡᠭ᠍ᠵᠢᠷᠡᠭᠦ
ᠪᠠᠭᠰᠢ ᠮᠢᠨᠤ ᠦᠴᠢᠯ
ᠳᠤᠭᠤᠨᠤᠳᠤ ᠭᠡᠷ ᠤᠨ ᠬᠠᠳᠠᠪᠴᠢᠨ ᠳᠤ ᠪᠦᠳᠦᠷᠢᠭ᠍ᠰᠡᠨ
ᠳᠤᠭᠯᠠᠵᠤ ᠳᠤᠷᠨᠢᠭᠰᠠᠨ ᠠᠩᠭᠢᠷ ᠪᠠᠭ᠎ᠠ ᠨᠠᠰᠤ
ᠳᠤᠭᠤᠰᠤᠳᠤ ᠶᠢᠷᠳᠢᠠᠴᠤ ᠳᠤ ᠣᠬᠠᠭᠠᠨ ᠰᠠᠭᠤᠭ᠎ᠠ ᠦᠭᠡᠶ
ᠳᠤᠮᠤᠭᠠᠵᠢᠨ ᠪᠣᠢ᠌ᠵᠢᠭᠰᠠᠨ ᠭᠡᠨᠡᠨ ᠴᠠᠢ᠌ᠯᠭᠠᠨ ᠠᠭᠠᠯᠢ᠃
ᠳᠤᠮᠤᠵᠢᠭᠠ ᠦᠭᠡᠶ ᠪᠠᠯᠴᠢᠷ ᠨᠠᠰᠤᠨ ᠳᠤ
ᠠᠪᠣ ᠡᠵᠢ ᠶᠢ ᠪᠠᠨ ᠭᠡᠴᠢᠨᠡᠨ ᠵᠤᠪᠠᠭᠠᠵᠤ ᠶᠠᠪᠣᠯ᠎ᠠ ᠪᠢ
ᠳᠤᠷᠭᠠᠨ ᠭᠡᠯᠡ ᠶᠢᠨ ᠭᠢᠯᠢ ᠳᠤ ᠣᠢ᠌ᠷᠠᠳᠤᠭᠠ ᠦᠭᠡᠶ
ᠠᠴᠢᠳᠤ ᠪᠠᠭᠰᠢ ᠪᠠᠷ ᠭᠡᠴᠢᠨᠡᠨ ᠵᠠᠩᠨᠠᠭᠤᠯᠵᠤ ᠶᠠᠪᠣᠯ᠎ᠠ ᠪᠢ᠃
ᠪᠦᠮᠪᠦᠷᠭᠡᠨ ᠬᠤᠷᠸ᠎ᠠ ᠳᠤ ᠪᠢᠯᠢᠭ᠌ ᠰᠣᠢ᠌ᠵᠤ
ᠪᠠᠶ᠎ᠠ ᠦᠰᠴᠦ ᠪᠣᠳᠤᠯ ᠰᠠᠷᠠᠭᠤᠯᠵᠢᠬᠤ ᠳᠤ
ᠪᠠᠭᠠᠳᠤᠷᠯᠢᠭ ᠳᠤᠤᠯᠢ ᠡᠴᠡ ᠵᠤᠷᠢᠭ ᠡᠷᠴᠢᠯᠡᠵᠤ
ᠪᠢᠴᠢᠭ᠌ ᠤᠨ ᠳᠠᠯᠠᠢ ᠳᠤ ᠳᠠᠷᠪᠠᠭᠤᠯ ᠭᠡᠢ᠌ᠰᠭᠡᠭ᠍ᠰᠡᠨ ᠵᠠᠯᠠᠭᠤ ᠨᠠᠰᠤ᠃
ᠠᠢ᠌ᠯ ᠤᠨ ᠵᠤᠭᠤᠭ ᠭᠡᠷ ᠤᠨ ᠴᠠᠳᠢᠭ ᠲᠤ
ᠠᠢ᠌ᠬᠤᠪᠳᠤᠷ ᠣᠯᠠᠨ ᠰᠢᠨ᠎ᠠ ᠡᠭᠡ ᠬᠠᠭᠤᠷᠠᠢ ᠢᠯᠡᠷᠡᠭᠦ ᠳᠤ
ᠠᠩᠭᠢᠷᠬᠠᠨ ᠳᠠᠷᠢᠭᠢᠨ ᠳᠤ ᠶᠢᠷᠳᠢᠠᠴᠤ ᠭᠡᠢ᠌ᠵᠤ
ᠠᠶᠤᠮᠠᠷ ᠪᠣᠰᠤᠭ᠎ᠠ ᠡᠷ᠎ᠡ ᠪᠣᠯᠵᠤ ᠳᠤᠷᠨᠢᠯᠠ᠃
ᠪᠣᠰᠤᠭ᠎ᠠ ᠴᠤᠭᠴᠠᠳᠤ ᠭᠡᠯᠡ ᠳᠡᠭᠡᠨ ᠲᠦᠰᠢᠵᠤ
ᠣᠶᠤᠳᠠᠨ ᠨᠡᠷᠡᠯᠡᠭ᠍ᠰᠡᠨ ᠬᠤᠩᠭ᠋ᠤᠷ ᠬᠤᠷᠢᠨ ᠨᠠᠰᠤ
ᠪᠣᠯᠪᠠᠷᠠᠢ ᠭᠡᠦᠭᠡᠨ ᠳᠤ ᠳᠤᠷᠠᠯᠠᠯ ᠬᠠᠢ᠌ᠭᠰᠠᠨ
ᠣᠶᠠᠩᠭ᠋ᠠᠷᠠᠵᠤ ᠠᠭᠤᠰᠤᠭᠰᠠᠨ ᠮᠢᠨᠤ ᠶᠡᠭᠡ ᠰᠤᠷᠭᠠᠭᠤᠯᠢ᠃
ᠢᠨᠠᠭ ᠳᠠᠨᠢᠬᠤ ᠦᠭᠡᠶ ᠠᠢ᠌ᠯ ᠪᠣᠯᠤᠭᠰᠠᠨ
ᠳᠤᠷᠭᠤᠨ ᠰᠠᠨᠠᠭᠰᠠᠨ ᠵᠡᠮᠳᠡᠭ᠌ ᠬᠠᠢ᠌ᠷ᠎ᠠ
ᠢᠳᠡᠭᠡᠯ ᠬᠠᠷᠢᠭᠤᠴᠠᠯᠭ᠎ᠠ ᠶᠢᠨ ᠣᠷᠳᠤ ᠠᠶᠠᠨ ᠳ᠋ᠤ
ᠳᠡᠷᠭᠡᠯᠰᠢᠵᠤ ᠲ᠋ᠦᠶᠡᠭᠠᠷᠠᠭᠰᠠᠨ ᠪᠦᠯᠢ ᠬᠠᠯᠠᠭᠤᠨ ᠠᠮᠢᠳᠤᠷᠠᠯ᠃
ᠠᠪᠣ ᠰᠠᠭᠤᠵᠤ ᠠᠷᠬᠠᠢ᠌ᠭᠰᠠᠨ ᠠᠷᠪᠠᠨ ᠵᠢᠯ ᠳᠤ
ᠠᠬᠤ ᠴᠤ ᠣᠯᠠᠨ ᠵᠣᠢ᠌ᠯ ᠢ ᠲᠦᠰᠤᠪᠯᠠᠵᠤ ᠢᠷᠠᠯ᠎ᠠ
ᠠᠷᠠᠤᠨ ᠤᠨ ᠪᠠᠭᠰᠢ ᠶᠢᠨ ᠳᠠᠷᠬᠠᠨ ᠣᠢ᠌ᠯᠠᠰ ᠲᠤ
ᠠᠯᠢᠪᠠ ᠣᠶᠤᠨ ᠶᠢᠡᠨ ᠰᠢᠪᠬᠠᠵᠤ ᠡᠷᠭᠦᠭ᠍ᠰᠡᠭᠡᠷ᠃
ᠵᠠᠭᠤᠨ ᠤ ᠪᠣᠱᠤᠭᠠᠨ ᠳᠤ ᠵᠠᠷᠯᠢᠭ ᠢ ᠭᠦᠯᠢᠶᠡᠭ᠍ᠰᠡᠨ
ᠵᠠᠯᠠᠭᠤ ᠪᠠᠭᠰᠢ ᠶᠢᠨ ᠰᠢᠠᠳᠠᠰᠤ ᠡᠷᠴᠢᠯᠡᠵᠤ ᠪᠠᠢ᠌ᠨ᠎ᠠ
ᠰᠤᠤᠳᠤ ᠦᠨᠳᠦᠰᠦᠳᠠᠨ ᠤ ᠰᠠᠷᠠᠭᠤᠯ ᠮᠠᠷᠭᠠᠰᠢ ᠳ᠋ᠤ
ᠰᠤᠳᠤᠨ ᠵᠠᠯᠭᠠᠮᠵᠢᠯᠠᠭᠴᠢ ᠶᠢ ᠮᠠᠷᠠᠢ᠌ᠨ ᠭᠦᠮᠦᠵᠢᠭᠦᠯᠵᠤ ᠪᠣᠢ᠃
2006.4.3
ᠵᠤᠬᠢᠶᠠᠭᠴᠢ᠄ ᠨᠤ᠋·ᠳᠡᠭ᠍ᠵᠢᠷᠡᠭᠦ
ᠢᠷᠡᠯᠲᠡ᠄ ᠠᠯᠳᠠᠷᠳᠤ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 4383
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ