☆ ᠪᠣᠷᠵᠢᠭᠢᠨ·ᠳᠤᠤᠯᠢ
ᠮᠥᠩᠭᠦᠨ ᠳᠦᠷᠦᠭᠡ
(ᠳᠠᠭᠤᠨ ᠤ ᠥᠭᠡ)
ᠠᠷᠤ ᠶᠢᠨ ᠠᠭᠤᠯᠠ ᠶᠢᠨ ᠶᠢᠡᠨ ᠰᠢᠷᠠᠩᠭ᠋ᠤᠢ ᠡᠴᠡ
ᠠᠪᠣ ᠮᠢᠨᠢ ᠳᠠᠩᠳᠠ ᠰᠠᠨᠠᠭᠳᠠᠬᠤ ᠨᠢ ᠳ᠋ᠠ
ᠠᠯᠳᠠᠭ ᠣᠨᠤᠭ ᠨᠠᠰᠤ ᠶᠢ ᠪᠠᠨ
ᠮᠥᠩᠭᠦᠨ ᠳᠦᠷᠦᠭᠡ ᠥᠮᠴᠢᠯᠡᠭᠦ ᠨᠢ ᠳ᠋ᠠ
ᠡᠨᠡ ᠳᠦᠷᠦᠭᠡ ᠮᠥᠩᠭᠦᠨ ᠳᠦᠷᠦᠭᠡ
ᠡᠭᠡ ᠨᠤᠳᠤᠭ ᠤᠨ ᠡᠵᠡᠨ ᠳᠦᠷᠦᠭᠡ
ᠳᠠᠠᠵᠢ ᠶᠢᠨ ᠰᠢᠷᠭᠠᠯ ᠳᠠᠷᠠᠰᠤᠨ ᠡᠴᠡ ᠪᠠᠨ
ᠳᠡᠭ᠍ᠳᠡᠭᠡᠭᠡᠢ ᠮᠢᠨᠢ ᠳᠠᠩᠳᠠ ᠡᠷᠢᠭ᠍ᠳᠡᠭᠦ ᠨᠢ ᠳ᠋ᠠ
ᠳᠠᠪᠠᠯ ᠤᠨ ᠥᠷᠭᠡᠨ ᠬᠤᠷᠮᠤᠢ ᠶᠢ ᠪᠠᠨ
ᠮᠥᠩᠭᠦᠨ ᠦᠳᠦ ᠥᠮᠴᠢᠯᠡᠭᠦ ᠨᠢ ᠳ᠋ᠠ
ᠡᠨᠡ ᠦᠳᠦ ᠮᠥᠩᠭᠦᠨ ᠳᠦᠷᠦᠭᠡ
ᠡᠭᠡ ᠨᠤᠳᠤᠭ ᠤᠨ ᠡᠵᠡᠨ ᠳᠦᠷᠦᠭᠡ
ᠬᠤᠯᠠ ᠶᠢᠨ ᠴᠡᠩᠭᠡᠷ ᠳᠡᠭ᠍ᠷᠢ ᠡᠴᠡ ᠪᠠᠨ
ᠬᠤᠩᠭ᠋ᠤᠷ ᠮᠢᠨᠢ ᠳᠠᠩᠳᠠ ᠳᠤᠷᠮᠣᠢ᠌ᠬᠤ ᠨᠢ ᠳ᠋ᠠ
ᠬᠤᠯᠤᠰᠤᠳᠤ ᠨᠠᠭᠤᠷ ᠤᠨ ᠠᠩᠭᠢᠷ ᠢ ᠪᠠᠨ
ᠮᠥᠩᠭᠦᠨ ᠳᠦᠷᠦᠭᠡ ᠥᠮᠴᠢᠯᠡᠭᠦ ᠨᠢ ᠳ᠋ᠠ
ᠡᠨᠡ ᠳᠦᠷᠦᠭᠡ ᠮᠥᠩᠭᠦᠨ ᠳᠦᠷᠦᠭᠡ
ᠡᠭᠡ ᠨᠤᠳᠤᠭ ᠤᠨ ᠡᠵᠡᠨ ᠳᠦᠷᠦᠭᠡ
2000 ᠣᠨ᠂ ᠰᠤᠷᠭᠠᠭᠤᠯᠢ ᠶᠢᠨ ᠭᠦᠷᠢᠶᠡᠯᠡᠩ ᠤᠨ ᠬᠦᠬᠡᠬᠤᠲᠠᠨ᠎ᠡ
ᠵᠤᠬᠢᠶᠠᠭᠴᠢ᠄ ᠪᠣᠷᠵᠢᠭᠢᠨ·ᠳᠤᠤᠯᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2009 ᠤᠨ ᠤ 01 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ