☆ ᠳ᠋·ᠲᠦᠮᠡᠠᠰᠠᠩ
ᠴᠢᠨ᠋ᠸ᠎ᠠ
ᠬᠠᠷᠠᠩᠭ᠋ᠤᠢ ᠨᠠᠪᠳᠠᠯᠵᠤ ᠢᠷᠡᠭᠦ
ᠵᠢᠭᠡᠭᠦᠨ ᠨᠤᠭᠤᠭᠠᠨ ᠭᠡᠷᠡᠯ
ᠬᠠᠳᠠ ᠠᠰᠬ᠎ᠠ ᠳᠠᠮᠵᠢᠨ
ᠶᠠᠰᠤ ᠬᠠᠪᠳᠠᠯᠵᠠᠳᠠᠯᠠ ᠣᠯᠢᠬᠤ ᠡᠭᠡᠰᠢᠭᠯᠡᠩ
ᠭᠡᠭᠡᠷ᠎ᠡ ᠳᠠᠯ᠎ᠠ ᠶᠢᠨ ᠣᠶᠠᠷᠠᠭᠤᠨ ᠵᠢᠪᠬᠤᠯᠠᠩᠳᠤ ᠳᠠᠭᠤᠴᠢᠨ
ᠴᠢᠨ᠋ᠸ᠎ᠠ ᠨᠤᠭᠤᠳ ᠠᠯᠠᠭ᠎ᠠ
ᠬᠠᠮᠢᠭ᠎ᠠ ᠬᠤᠯᠠ ᠡᠴᠡ
ᠰᠠᠯᠭᠢ ᠰᠦᠷᠤᠨ ᠰᠢᠩᠰᠢᠯᠠᠵᠤ
ᠬᠠᠭ᠎ᠠ ᠵᠦᠰᠤᠨ ᠳᠠᠭᠠᠷᠢᠳᠠᠭ
ᠬᠠᠯᠠᠭᠤᠨ ᠭᠤᠤᠯ ᠲᠡᠶ ᠦᠷᠡᠵᠢᠯᠳᠤ ᠰᠥᠷᠦᠭ᠌ ᠤᠨ
ᠬᠠᠷ᠎ᠠ ᠳᠠᠷᠤᠭᠰᠠᠨ ᠵᠡᠭᠦᠳᠤ
ᠴᠢᠨ᠋ᠸ᠎ᠠ ᠨᠤᠭᠤᠳ ᠠᠯᠠᠭ᠎ᠠ
ᠳᠦᠷᠢᠮᠡᠭᠡᠢ ᠪᠦᠭᠡᠳ ᠡᠷᠡᠮᠡᠭᠡᠢ
ᠳᠡᠭ᠍ᠷᠢ ᠡᠴᠡ ᠪᠠᠭᠤᠭᠰᠠᠨ ᠨᠤᠬᠠᠢ
ᠳᠢᠪ ᠳᠡᠯᠡᠭᠡᠢ᠂ ᠡᠭᠡ ᠪᠠᠢ᠌ᠭᠠᠯᠢ ᠶᠢᠨ
ᠳᠡᠩᠴᠡᠭᠦᠷᠢ ᠶᠢᠨ ᠭᠤᠤᠯᠴᠢ ᠶᠤᠰᠤᠨ
ᠰᠢᠭᠢᠷ᠎ᠠ ᠪᠠᠨ ᠳᠠᠰᠤ ᠬᠠᠵᠠᠵᠤ
ᠦᠷ᠎ᠡ ᠳᠤ ᠪᠠᠨ ᠳᠡᠮᠤᠯᠡᠭ᠍ᠰᠡᠨ ᠵᠤᠷᠢᠭ
ᠰᠡᠭᠦᠯᠴᠢ ᠶᠢᠨ ᠠᠮᠢᠰᠬᠤᠯ ᠶᠢᠡᠨ ᠰᠢᠪᠬᠠᠵᠤ
ᠡᠭᠦᠷ ᠵᠥᠭ᠌ ᠶᠢᠡᠨ ᠵᠢᠦᠡᠭᠦᠭ᠍ᠰᠡᠨ ᠳᠠᠰᠪᠣᠷᠢ
ᠵᠡᠷᠯᠢᠭ᠌ ᠴᠢᠨᠠᠷ ᠤᠨ ᠳᠤᠭᠰᠢᠨ ᠭᠦᠴᠤᠨ
ᠵᠢᠩᠭᠢᠨᠢ ᠰᠠᠢ᠌ᠨ ᠡᠷ᠎ᠡ ᠶᠢᠨ ᠪᠠᠭᠠᠳᠤᠷᠯᠢᠭ ᠠᠷᠠᠠᠰᠢᠨ
ᠰᠦᠰᠦ ᠭᠡᠮᠭᠡᠷᠡᠵᠤ ᠥᠵᠡᠭᠡ ᠦᠭᠡᠶ
ᠠᠮᠢᠳᠤᠷᠠᠨ ᠣᠷᠤᠰᠢᠬᠤ ᠶᠢᠨ ᠬᠠᠳᠠᠭᠤ ᠬᠠᠤᠯᠢ
ᠰᠦᠷᠳᠠᠰᠢ ᠦᠭᠡᠶ᠂ ᠢᠯᠠᠭᠳᠠᠰᠢ ᠦᠭᠡᠶ
ᠰᠥᠷᠦᠭᠯᠡᠨ ᠳᠠᠭᠠᠷᠢᠭᠴᠢ ᠳᠠᠢ᠌ᠨ ᠤ ᠣᠬᠠᠭᠠᠠᠳᠠᠨ
ᠳᠠᠯ᠎ᠠ ᠨᠤᠳᠤᠭ ᠤᠨ ᠳᠦᠯᠦᠭᠡ
ᠭᠦᠭᠡ ᠴᠢᠨ᠋ᠸ᠎ᠠ ᠴᠢ ᠢᠷᠡᠭ᠍ᠰᠡᠨ ᠦᠦ
ᠳᠠᠪᠤᠨ ᠬᠤᠰᠢᠭᠤᠳᠤ ᠶᠢᠨ ᠶᠢᠡᠨ ᠳᠦᠯᠦᠭᠡ
ᠭᠦᠮᠦᠰ ᠴᠢᠮᠢ᠋ᠢ ᠬᠤᠷᠤᠭᠠᠪᠠ ᠤᠤ
ᠴᠢ ᠣᠰᠠᠳᠪᠠ ᠦᠦ᠂ ᠪᠢᠳᠠ ᠮᠠᠷᠳᠠᠪᠠ ᠤᠤ
ᠴᠡᠯᠡᠭᠡᠷ ᠠᠭᠤᠳᠠᠮ ᠳᠠᠯ᠎ᠠ ᠶᠠᠭᠠᠭᠢᠭᠰᠠᠨ ᠢᠯᠤᠮ ᠵᠢᠯᠤᠮ
ᠪᠦᠷ ᠯᠠ ᠨᠤᠵᠤᠭᠤᠷᠠᠨ ᠣᠠᠳᠠᠭᠰᠠᠭᠠᠷ
ᠪᠦᠷ ᠯᠠ ᠨᠤᠮᠤᠬᠠᠷᠠᠨ ᠭᠡᠪᠳᠡᠭ᠍ᠰᠡᠭᠡᠷ
ᠪᠦᠭᠬᠦᠵᠤ ᠬᠠᠮᠢᠭ᠎ᠠ ᠨᠢᠭᠤᠭᠠ ᠪᠣᠢ ᠴᠢ
ᠪᠣᠰᠤᠨ ᠬᠠᠷᠠᠢ᠌ᠵᠤ ᠢᠷᠡᠭᠡᠰᠡᠢ᠂ ᠣᠯᠢᠭᠠᠰᠠᠢ
ᠪᠦᠭᠡ ᠨᠣᠢ᠌ᠷ ᠲᠤ ᠪᠠᠨ ᠪᠠᠢ᠌ᠭ᠎ᠠ ᠪᠦᠭᠦᠨ ᠢ
ᠪᠣᠰᠢᠭᠤᠬᠠᠨ ᠰᠡᠷᠢᠭᠡᠭᠡᠰᠡᠢ︕
ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2739
ᠴᠠᠭ᠄ 2009 ᠤᠨ ᠤ 01 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ