☆ ᠴᠤᠯᠮᠤᠨ
ᠵᠠᠭᠤᠨ ᠣᠢ᠌ᠳᠤ ᠮᠢᠨᠤ ᠡᠭᠡ ᠰᠤᠷᠭᠠᠭᠤᠯᠢ
ᠳ᠋ᠠᠪᠠᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ ᠶᠢᠨ ᠵᠠᠭᠤᠨ ᠵᠢᠯ ᠤᠨ ᠣᠢ ᠶᠢᠨ ᠪᠠᠶᠠᠷ ᠢ ᠣᠭᠳᠤᠨᠠᠮ
ᠮᠤᠩᠭ᠋ᠤᠯ ᠳᠤᠭᠤᠷᠭᠠᠳᠠᠨ ᠤ
ᠮᠥᠩᠭᠡ ᠳᠤᠯᠭ᠎ᠠ ᠶᠢ ᠪᠠᠳᠠᠷᠭᠠᠭᠰᠠᠨ
ᠮᠠᠯᠴᠢᠨ ᠲᠦᠮᠡᠨ ᠤ
ᠪᠢᠯᠢᠭ᠌ ᠤᠨ ᠳᠦᠷᠦᠭᠡ ᠶᠢ ᠴᠢᠩᠭ᠋ᠠᠯᠠᠭᠰᠠᠨ
ᠵᠠᠭᠤᠨ ᠣᠢ᠌ᠳᠤ ᠮᠢᠨᠤ ᠡᠭᠡ ᠰᠤᠷᠭᠠᠭᠤᠯᠢ
ᠵᠠᠭᠤᠨ ᠣᠳᠠ ᠥᠡᠳᠦᠰᠦᠯᠡᠭ᠍ᠰᠡᠨ ᠭᠠᠵᠠᠷ
ᠥᠷᠯᠦᠭ᠌ ᠳᠡᠭᠡᠳᠦᠰ ᠤᠨ
ᠦᠪ ᠰᠤᠶᠤᠯ ᠢ ᠳᠡᠭᠡᠳᠦᠯᠡᠭ᠍ᠰᠡᠨ
ᠦᠰᠪᠦᠷᠢ ᠪᠠᠭᠠᠴᠤᠳ ᠤᠨ
ᠣᠢ ᠣᠬᠠᠭᠠᠨ ᠢ ᠬᠤᠷᠴᠠᠯᠠᠭᠰᠠᠨ
ᠵᠠᠭᠤᠨ ᠣᠢ᠌ᠳᠤ ᠮᠢᠨᠤ ᠡᠭᠡ ᠰᠤᠷᠭᠠᠭᠤᠯᠢ
ᠵᠠᠭᠤᠨ ᠣᠳᠠ ᠥᠡᠳᠦᠰᠦᠯᠡᠭ᠍ᠰᠡᠨ ᠭᠠᠵᠠᠷ
ᠪᠠᠶᠠᠨ ᠪᠠᠭᠠᠷᠢᠨ ᠤ
ᠪᠠᠳᠠᠷᠠᠯ ᠭᠦᠭ᠍ᠵᠢᠯ ᠢ ᠪᠢᠴᠢᠭᠯᠡᠭ᠍ᠰᠡᠨ
ᠪᠠᠭᠠᠳᠤᠷᠯᠢᠭ ᠲᠦᠮᠡᠨ ᠤ
ᠪᠠᠬᠠᠳᠤᠯᠳᠤ ᠢᠷᠡᠭᠡᠳᠦᠢ ᠶᠢ ᠵᠢᠷᠤᠭᠯᠠᠭᠰᠠᠨ
ᠵᠠᠭᠤᠨ ᠣᠢ᠌ᠳᠤ ᠮᠢᠨᠤ ᠡᠭᠡ ᠰᠤᠷᠭᠠᠭᠤᠯᠢ
ᠵᠠᠭᠤᠨ ᠣᠳᠠ ᠥᠡᠳᠦᠰᠦᠯᠡᠭ᠍ᠰᠡᠨ ᠭᠠᠵᠠᠷ
ᠵᠤᠬᠢᠶᠠᠭᠴᠢ᠄ ᠴᠤᠯᠮᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2009 ᠤᠨ ᠤ 05 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ