☆ ᠪᠠᠢ·ᠬᠠᠰ
ᠳᠠᠷᠢᠶᠠᠨ ᠳᠦᠷᠦᠭᠦᠤ ᠳᠡᠭᠦᠭ᠍ᠴᠢ
ᠡᠪᠠᠰᠤ ᠳᠠᠷᠢᠶ᠎ᠠ ᠰᠢᠷᠭᠠᠯᠳᠤᠨ ᠭᠦᠳᠡᠭᠡ ᠨᠠᠮ ᠳᠠᠢ᠌ᠪᠣᠩ᠂᠂ ᠭᠦᠨ ᠨᠠᠮᠤᠷ ᠤᠨ ᠴᠡᠩᠭᠡᠷ ᠳᠡᠭ᠍ᠷᠢ ᠊ᠭ᠍ᠬᠢᠷ ᠦᠭᠡᠶ ᠴᠠᠯᠠᠢ᠌ᠵᠤ᠂ ᠭᠦᠢᠭᠡᠨ ᠭᠤᠷᠤᠬᠠᠨ ᠤ ᠳᠤᠩᠭ᠋ᠠᠯᠠᠭᠰᠢᠭᠰᠠᠨ ᠣᠰᠤ ᠣᠶᠠᠩᠭ᠋᠎ᠠ ᠲᠡᠶ ᠣᠷᠤᠰᠤᠨ᠎ᠠ᠃ ᠳᠤᠯᠤᠭᠠᠢ ᠪᠠᠨ ᠶᠠᠭᠠᠨ ᠠᠯᠴᠢᠭᠤᠷ ᠶᠢᠡᠷ ᠣᠷᠢᠶᠠᠭᠰᠠᠨ ᠭᠦᠷᠦᠰᠦᠯᠢᠭ᠌ ᠳᠦᠪᠯᠡᠭᠦᠨ ᠴᠢᠷᠠᠢ ᠲᠡᠶ ᠵᠠᠯᠠᠭᠤ ᠨᠠᠰᠤᠨ ᠤ ᠪᠦᠰᠡᠭᠦᠢ ᠭᠦᠷᠦᠮᠡᠯ ᠰᠠᠭᠰᠤ ᠳᠤᠭᠣᠢ᠌ᠯᠠᠨ ᠳᠠᠷᠢᠶᠠᠨ ᠳᠦᠷᠦᠭᠦᠤ ᠳᠡᠭᠦᠨ᠎ᠡ᠃ ᠳᠦᠭᠦᠷᠡᠩ ᠪᠣᠯᠪᠠᠰᠤᠷᠠᠭᠰᠠᠨ ᠰᠢᠷᠭᠠᠯ ᠳᠦᠷᠦᠭᠦᠤ ᠨᠤᠭᠦᠳ ᠪᠣᠷᠤ ᠰᠠᠭᠰᠤᠨ ᠡᠴᠡ ᠴᠤᠬᠣᠢ᠌ᠵᠤ ᠬᠠᠷᠠᠭᠳᠠᠨ᠎ᠠ᠃
ᠳᠤᠷᠮᠤᠯᠵᠠᠭᠰᠠᠨ ᠬᠠᠷ᠎ᠠ ᠨᠢᠳᠤ ᠲᠡᠶ ᠭᠡᠳᠤᠨ ᠨᠠᠰᠤᠨ ᠤ ᠰᠢᠷ᠎ᠠ ᠭᠦᠤ ᠣᠯᠳᠠᠭᠰᠠᠨ ᠭᠡᠳᠤᠨ ᠪᠣᠭᠤᠳᠠᠢ ᠶᠢᠨ ᠳᠦᠷᠦᠭᠦᠤ ᠪᠠᠨ ᠰᠠᠭᠰᠤᠨ ᠳᠤ ᠭᠢᠭᠦ ᠭᠡᠵᠤ ᠡᠵᠢ ᠣᠷᠤᠭᠤ ᠪᠠᠨ ᠭᠦᠶᠦᠨ᠎ᠡ᠃ ᠳᠠᠷᠢᠶᠠᠨ ᠳᠤᠮᠳᠠᠭᠢ ᠭᠦᠭ᠍ᠰᠢᠨ ᠱᠠᠩᠰᠢ ᠶᠢᠨ ᠰᠢᠷᠭᠠᠯ ᠨᠠᠪᠴᠢᠰ ᠭᠠᠭᠴᠠ ᠬᠤᠶᠠᠷ ᠶᠢᠡᠷ ᠭᠠᠵᠠᠷ ᠳᠠᠷᠪᠠᠯᠵᠠᠨ ᠪᠠᠭᠤᠨ᠎ᠠ᠃ ᠱᠠᠩᠰᠢ ᠮᠤᠳᠤ ᠳᠦᠰᠢᠭᠦᠯᠦᠭ᠍ᠰᠡᠨ ᠴᠠᠭᠠᠨ ᠭᠤᠳᠡᠢ ᠳᠡᠭᠡᠷ᠎ᠡ ᠭᠤᠷᠪᠠᠨ ᠣᠯᠠᠪᠢᠷ ᠰᠢᠷ᠎ᠠ ᠨᠠᠪᠴᠢ ᠳᠤᠭᠳᠠᠴᠢᠬᠠᠭᠰᠠᠨ ᠬᠠᠷᠠᠭᠳᠠᠨ᠎ᠠ᠃ ᠮᠤᠳᠤᠨ ᠰᠠᠯᠠᠭᠠᠨ ᠳᠡᠭᠡᠷ᠎ᠡ ᠬᠤᠶᠠᠷ ᠱᠠᠭᠠᠵᠠᠭᠠᠢ ᠰᠠᠭᠤᠴᠢᠬᠠᠭᠠᠤᠨ ᠳᠤᠯᠤᠭᠠᠢ ᠳᠤᠩᠬᠤᠯᠵᠠᠭᠤᠯᠤᠨ ᠵᠤᠭᠰᠤᠯ ᠦᠭᠡᠶ ᠱᠠᠭᠰᠢᠮᠤᠢ᠃
ᠴᠢᠷᠠᠢ ᠳᠤ ᠨᠢ ᠪᠠᠶᠠᠷ ᠤᠨ ᠳᠤᠶᠠᠭ᠎ᠠ ᠳᠠᠳᠠᠭᠰᠠᠨ ᠪᠦᠰᠡᠭᠦᠢ ᠭᠦᠤ ᠣᠷᠤᠭᠤ ᠪᠠᠨ ᠬᠠᠢ᠌ᠷ᠎ᠠ ᠢᠪᠠᠯᠤᠭᠰᠠᠨ ᠬᠠᠷᠠᠴᠠ ᠪᠠᠷ ᠰᠢᠷᠳᠡᠭᠡᠳ 《ᠮᠢᠨᠤ ᠭᠦᠤ ᠠᠶᠠᠷ ᠭᠦᠶᠤ᠂ ᠳᠠᠷᠢᠶᠠᠨ ᠭᠤᠤᠷᠰᠤ ᠡᠴᠡ ᠭᠡᠷᠰᠤᠯᠡ》 ᠭᠡᠵᠤ ᠥᠭᠦᠭᠡᠷᠳᠡᠩᠭᠦᠢ ᠶᠠᠷᠢᠨ᠎ᠠ᠃
ᠡᠪᠠᠰᠤ ᠳᠠᠷᠢᠶ᠎ᠠ ᠰᠢᠷᠭᠠᠯᠳᠤᠨ ᠭᠦᠳᠡᠭᠡ ᠨᠠᠮ ᠳᠠᠢ᠌ᠪᠣᠩ᠃
ᠵᠤᠬᠢᠶᠠᠭᠴᠢ᠄ ᠪᠠᠢ·ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6179
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ