ᠨᠡᠪᠲᠡᠷᠡᠨ ᠤᠷᠤᠬᠤ
ᠨᠤᠳᠤᠭ ᠲᠠᠭᠠᠨ ᠣᠴᠢᠨ᠎ᠠ ᠪᠢ

ᠭᠦᠭᠡ ᠣᠰᠤ ᠪᠠᠷ ᠠᠮᠢ ᠭᠢᠵᠤ

ᠭᠦᠭᠡ ᠵᠡᠷᠭᠡᠯᠭᠡᠨ ᠶᠢᠡᠷ ᠭᠦᠯᠭᠡ ᠭᠢᠵᠤ

ᠭᠦᠭᠡ ᠮᠠᠨᠠᠨ ᠶᠢᠡᠷ ᠭᠦᠰᠢᠭᠡ ᠭᠢᠵᠤ

ᠭᠦᠭᠡ ᠡᠭᠦᠯᠡᠰ ᠶᠢᠡᠷ ᠪᠦᠵᠢᠭ᠌ ᠭᠢᠵᠤ

ᠳᠦᠯ ᠤᠨ ᠳᠠᠭᠤᠤ ᠬᠠᠩᠭᠢᠨᠠᠭᠤᠯᠵᠤ

ᠳᠦᠷᠦᠭ᠍ᠰᠡᠨ ᠨᠤᠳᠤᠭ ᠲᠠᠭᠠᠨ ᠣᠴᠢᠨ᠎ᠠ ᠪᠢ

ᠣᠯᠠᠨ ᠭᠡᠯᠡ ᠶᠢᠨ ᠰᠢᠪᠠᠭᠤ ᠴᠤᠭᠯᠠᠭᠤᠯᠵᠤ

ᠤᠶᠠᠩ‍ᠭ᠎ᠠ ᠰᠠᠢ᠌ᠬᠠᠨ ᠭᠦᠭ᠍ᠵᠢᠮ ᠡᠭᠦᠰᠭᠡᠵᠤ

ᠳᠠᠪᠠᠯ ᠤᠨ ᠡᠩᠭᠡᠷ ᠰᠢᠭ᠌ ᠳᠠᠯ᠎ᠠ ᠪᠠᠨ

ᠳᠡᠯᠭᠡᠷᠡᠵᠤ ᠪᠣᠢ ᠴᠡᠴᠡᠭ᠌ ᠶᠢᠡᠷ ᠭᠤᠶᠤᠵᠤ

ᠡᠷᠭᠡᠯᠡᠨ ᠨᠠᠭᠠᠳᠬᠤ ᠴᠢᠯᠦᠭᠡᠳᠡᠢ

ᠡᠵᠢ ᠶᠢᠨ ᠨᠤᠳᠤᠭ ᠲᠠᠭᠠᠨ ᠣᠴᠢᠨ᠎ᠠ ᠪᠢ

ᠠᠯᠳᠠᠨ ᠳᠠᠯ᠎ᠠ ᠪᠠᠨ ᠳᠤᠰᠤ ᠪᠠᠷ ᠥᠩᠭᠡᠯᠡᠵᠤ

ᠠᠮᠪᠠᠨ ᠢᠷᠭᠡ ᠶᠢᠨ ᠨᠢᠷᠤᠭᠤ ᠪᠦᠮᠪᠦᠯᠵᠡᠭᠦᠯᠵᠤ

ᠠᠳᠤᠭᠤᠨ ᠳᠠᠯ ᠶᠢᠡᠷ ᠰᠠᠯᠭᠢ ᠢᠰᠭᠡᠷᠤᠨ

ᠠᠢ᠌ᠷᠠᠭ ᠤᠨ ᠢᠳᠠ ᠶᠢ ᠬᠤᠯᠠ ᠡᠴᠠ ᠰᠡᠩᠭᠢᠨᠡᠭᠦᠯᠵᠤ

ᠠᠶᠠᠨ ᠤ ᠵᠤᠭᠤᠭ ᠳᠡᠯᠭᠡᠵᠤ

ᠠᠪᠣ ᠶᠢᠨ ᠨᠤᠳᠤᠭ ᠲᠠᠭᠠᠨ ᠣᠴᠢᠨ᠎ᠠ ᠪᠢ

ᠰᠠᠠᠴᠢᠭ ᠪᠣᠭᠤᠷᠤᠯ ᠪᠣᠷᠬᠠᠨ ᠡᠵᠢ ᠵᠢᠨ

ᠰᠠᠨᠠᠭ᠎ᠠ ᠰᠢᠭ ᠨᠢᠭᠡ ᠯᠠ ᠴᠠᠭᠠᠨ

ᠰᠠᠴᠤᠯᠢ ᠳᠤ ᠳᠤᠰᠤᠭᠰᠠᠨ ᠰᠦ᠋ ᠪᠠᠷ ᠨᠢ ᠮᠦᠩᠭᠦᠷᠡᠭ᠍ᠰᠡᠨ

ᠰᠠᠢ᠌ᠬᠠᠨ ᠳᠡᠯᠡᠭᠡᠢ ᠶᠢᠨ ᠪᠠᠯᠡᠭ᠌ ᠡᠷᠭᠦᠵᠤ

ᠳᠡᠯᠭᠡᠷ ᠪᠣᠶᠠᠨ ᠤ ᠦᠪ ᠳᠠᠢ

ᠳᠡᠭᠡᠳᠤ ᠶᠢᠨ ᠨᠤᠳᠤᠭ ᠲᠠᠭᠠᠨ ᠣᠴᠢᠨ᠎ᠠ ᠪᠢ

ᠠᠪᠣᠷᠠᠯ ᠤᠨ ᠠᠯᠳᠠᠨ ᠵᠤᠯᠠ ᠨᠠᠷᠠ ᠳᠠᠢ

ᠠᠭᠠᠷ ᠲᠤ ᠮᠥᠩᠭᠡ ᠶᠢᠨ ᠵᠢᠷᠤᠭ ᠰᠠᠷᠠ ᠳᠠᠢ

ᠣᠴᠠᠷᠠᠭᠰᠠᠨ ᠪᠣᠯᠭᠠᠨ ᠳᠤ ᠮᠠᠠᠳᠤ ᠶᠢᠨ ᠬᠠᠳᠠᠭ ᠳᠠᠢ

ᠣᠷᠠᠨ ᠨᠤᠭᠤᠯᠤᠭᠠᠳᠤ ᠣᠷᠳᠤ ᠶᠢᠨ ᠳᠠᠭᠤᠤ ᠳᠠᠢ

ᠣᠠᠳᠤᠷᠬᠤ ᠷᠠᠰᠢᠶᠠᠨ ᠤ ᠭᠡᠰᠢᠭ᠌ ᠳᠠᠢ

ᠣᠤᠭᠠᠯ ᠨᠤᠳᠤᠭ ᠲᠠᠭᠠᠨ ᠣᠴᠢᠨ᠎ᠠ ᠪᠢ


ᠵᠤᠬᠢᠶᠠᠭᠴᠢ ᠶᠢᠨ ᠬᠠᠶ‍ᠢᠭ ᠄ ᠣᠩᠨᠢᠭᠤᠳ ᠬᠤᠰᠢᠭᠤᠨ ᠤ ᠬᠠᠢ᠌ᠯᠠᠰᠤ ᠳᠤᠮᠳᠠᠳᠤ ᠰᠤᠷᠭᠠᠭᠤᠯᠢ

ᠵᠤᠬᠢᠶᠠᠭᠴᠢ᠄ ᠵᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2010 ᠤᠨ ᠤ 03 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ