☆ ᠬᠠᠨ ᠵᠢᠷᠤᠮᠳᠤ
ᠠᠮᠠᠷᠠᠭ ᠮᠢᠨᠢ
ᠠᠮᠠᠷᠠᠭ ᠲᠡᠶ ᠪᠠᠨ ᠪᠢ ᠠᠯᠠᠭ ᠥᠭᠡᠢ ᠰᠡᠳᠭᠢᠯ ᠵᠢᠠᠷ
ᠠᠭᠠᠭᠢᠮ᠎ᠠ ᠨᠠᠰᠤᠨ᠎ᠠ ᠵᠢᠷᠦᠭᠡ ᠪᠠᠨ ᠨᠢᠭᠡᠳᠭᠡᠨ
ᠠᠯᠢ ᠤᠯᠡᠨ ᠪᠠᠶᠠᠷ ᠭᠤᠨᠢᠭ ᠤᠨ ᠳᠠᠭᠤᠤ ᠳᠠᠢ
ᠠᠮᠠᠭᠠᠢ ᠵᠠᠭᠤᠭᠰᠠᠨ ᠠᠭᠳᠠ ᠶᠢᠨ ᠳᠠᠪᠭᠢᠭ᠎ᠠ ᠪᠠᠷ
ᠠᠮᠢᠳᠤᠷᠠᠯ ᠤᠨ ᠴᠠᠨᠠᠳᠤ ᠡᠷᠭᠢ ᠳᠠᠰᠢ ᠶᠠᠪᠣᠭᠰᠠᠭᠠᠷ
ᠠᠭᠠᠷ ᠤᠨ ᠨᠠᠷᠠ ᠲᠡᠶ ᠭᠦᠨ ᠳᠡᠭ᠍ᠷᠢ ᠳᠤ ᠵᠤᠯᠭᠠᠪᠠ
ᠠᠮᠠᠷᠠᠭ ᠮᠢᠨᠢ ᠭᠠᠯ ᠭᠤᠯᠤᠮᠳᠠ ᠶᠢᠨ ᠳᠦᠯᠦᠭᠡ
ᠠᠪᠣ ᠳᠤ ᠬᠠᠯᠠᠭᠤᠨ ᠬᠤᠭᠤᠯᠠ ᠪᠠᠵᠠᠭᠠᠨ
ᠠᠴᠢᠳᠤ ᠡᠭᠡ ᠶᠢᠨ ᠤᠯᠡ ᠪᠠᠷ ᠪᠣᠶᠠᠨ ᠤ ᠬᠠᠰᠠᠭ ᠭᠡᠯᠢᠵᠤ
ᠠᠩᠭ᠋᠎ᠠ ᠥᠷ᠎ᠡ ᠶᠢᠨ ᠳᠦᠯᠦᠭᠡ ᠵᠡᠭᠦᠳᠡᠨ ᠳᠡᠭᠡᠨ ᠤᠬᠢᠯᠡᠨ
ᠠᠯᠠᠭ ᠨᠢᠳᠤᠨ ᠤ ᠭᠢᠨᠢ ᠬᠠᠷᠠᠭ᠎ᠠ ᠨᠢᠭᠡᠨᠲᠡ ᠰᠤᠯᠠᠷᠠᠪᠠ
ᠠᠷᠤ ᠥᠪᠦᠷ ᠪᠠᠶ᠎ᠠ ᠳ᠋ᠤᠨᠢ ᠶᠥᠭᠡ ᠤᠯᠡᠳᠡᠨ ᠭᠦᠭ᠍ᠰᠢᠷᠡᠪᠡ
ᠠᠮᠠᠷᠠᠭ ᠴᠢᠨᠢ ᠠᠪᠣᠷᠢ ᠵᠠᠩ ᠨᠢ ᠳᠤᠭᠰᠢᠨ ᠴᠤ
ᠠᠭᠤᠰᠭᠢᠨ ᠪᠣᠳᠤᠯ ᠨᠢ ᠰᠥ᠋ ᠭᠡᠵᠤ ᠠᠪᠣ ᠮᠢᠨᠢ ᠭᠡᠯᠡᠳᠡᠭ᠌
ᠠᠮᠠᠷᠠᠭ ᠴᠢᠨᠢ ᠠᠯᠪᠠᠨ ᠠᠵᠢᠯ ᠳᠤ ᠬᠤᠪᠢ ᠥᠭᠡᠢ ᠴᠤ
ᠠᠵᠢᠯᠰᠠᠭ ᠴᠠᠭᠠᠪᠣᠷ ᠭᠡᠦᠭᠡᠨ ᠭᠡᠵᠤ ᠡᠵᠢ ᠮᠢᠨᠢ ᠥᠭᠦᠯᠡᠳᠡᠭ᠌
ᠠᠮᠷᠠᠭ ᠮᠢᠨᠢ ᠪᠣᠯ ᠠᠢ᠌ᠯ ᠭᠡᠷ ᠤᠨ ᠳᠤᠭᠤᠨᠤ ᠪᠠᠷ ᠳᠡᠭ᠍ᠳᠡᠭ᠍ᠰᠡᠨ
ᠠᠯᠳᠠᠨ ᠨᠠᠷᠠ ᠭᠡᠵᠤ ᠪᠢ ᠬᠤᠳᠠ ᠭᠡᠰᠤᠨ ᠳᠡᠨᠡᠭ᠍ᠰᠢᠷᠡᠳᠡᠭ᠌
ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3446
ᠴᠠᠭ᠄ 2009 ᠤᠨ ᠤ 05 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ