ᠨᠡᠪᠲᠡᠷᠡᠨ ᠤᠷᠤᠬᠤ
ᠰᠠᠯᠬᠤ ᠶᠢᠨ ᠠᠯᠬᠤᠮ ᠳ᠋ᠤ
(ᠭᠠᠳᠠᠨ᠎ᠠ ᠨᠢᠭᠡ)

ᠴᠢᠨᠤ

ᠣᠷᠭᠤᠳᠠᠯ᠎ᠠ ᠣᠶᠠᠩᠭ᠋ᠠᠯᠠᠳᠠᠭ ᠣᠷᠠᠨ ᠳᠦᠷᠢ ᠪᠣᠶᠤ

ᠣᠶᠠᠷᠠᠳᠠᠯ᠎ᠠ ᠳᠠᠭᠤᠯᠠᠳᠠᠭ ᠮᠤᠩᠭ᠋ᠤᠯ ᠠᠮᠢᠰᠬᠤᠭ᠎ᠠ ᠡᠴᠡ

ᠣᠳᠤ ᠬᠤᠯᠠᠳᠠᠯ᠎ᠠ ᠭᠡᠭᠦ ᠳᠤ

ᠮᠢᠨᠤ

ᠰᠡᠭᠦᠷᠡᠰᠤ ᠦᠶᠡᠷᠯᠠᠵᠤ

ᠰᠡᠳᠭᠢᠭᠦᠢ ᠡᠮᠵᠡᠭᠯᠡᠵᠤ

ᠰᠢᠯᠦᠭ᠌ ᠵᠦᠰᠠᠷᠠᠵᠤ

ᠰᠡᠳᠭᠢᠯ ᠭᠠᠩᠳᠠᠨ᠎ᠠ ᠡ

ᠠᠢ ᠭᠦᠭᠡᠷᠦᠭᠦᠢ ᠨᠠᠢ᠌ᠵᠠ ᠮᠢᠨᠢ

ᠡ᠊ᠨᠳᠡ ᠡᠴᠡ ᠪᠢᠳᠠ

ᠭᠡᠵᠢᠶ᠎ᠡ ᠠᠭᠤᠯᠵᠠᠬᠤ ᠪᠠᠨ ᠮᠡᠳᠡᠭᠦ ᠦᠭᠡᠶ

ᠡᠰᠡᠷᠭᠦ ᠴᠢᠭᠯᠡᠯ ᠵᠥᠭ᠌ ᠶᠢᠠᠨ ᠠᠶᠠᠷᠯᠠᠬᠤ ᠳᠤ

ᠳᠤᠷᠠᠰᠤᠯ ᠳᠡᠭᠡᠷ᠎ᠡ ᠪᠠᠷᠠᠭᠠᠨ ᠡᠭᠦᠯᠡ ᠭᠦᠪᠪᠦᠵᠤ

ᠨᠣᠢ᠌ᠳᠠᠨ ᠠᠶᠤᠩᠭ᠋᠎ᠠ ᠨᠢᠵᠢᠭᠢᠨᠠᠨ᠎ᠠ

ᠡᠷ᠎ᠡ ᠭᠦᠮᠤᠨ ᠤ ᠬᠤᠪᠣᠷᠬᠠᠨ ᠨᠢᠯᠪᠣᠰᠤ

ᠡᠯᠢᠭᠡᠨ ᠡᠴᠡ ᠴᠢᠨᠢ ᠰᠢᠪᠠᠷᠠᠵᠤ

ᠪᠠᠳᠤᠴᠠᠭᠠᠨ ᠤ ᠨᠠᠪᠴᠢᠰ

ᠪᠣᠷᠤᠭᠠᠨ ᠪᠣᠯᠵᠤ ᠰᠠᠩᠰᠠᠷᠠᠨ᠎ᠠ

ᠪᠣᠷᠤᠭᠠᠨ ᠤ ᠳᠤᠮᠳᠠ ᠴᠢ

ᠴᠤᠪᠣᠭ᠎ᠠ ᠴᠢᠭ᠍ᠵᠢᠵᠤ

ᠮᠢᠨᠤ ᠬᠤᠷᠸ᠎ᠠ ᠳᠤ ᠵᠦᠰᠠᠷᠠᠨ᠎ᠠ ᠁

ᠦᠪᠡᠷ ᠢ ᠪᠠᠨ ᠡᠷᠢᠨ -- ᠪᠢ

ᠴᠢᠨᠤ ᠮᠠᠯᠮᠠᠢ ᠵᠥᠭ᠌ ᠬᠤᠷ᠎ᠠ ᠵᠦᠰᠤᠨ ᠰᠢᠭᠤᠷᠠᠨ᠎ᠠ ᠡ

ᠰᠡᠳᠭᠢᠯ ᠢ ᠠᠷᠭᠠᠮᠵᠢᠳᠠᠭ ᠰᠢᠯᠦᠭ᠌ ᠪᠣᠶᠤ

ᠰᠢᠯᠦᠭ᠌ ᠢ ᠬᠤᠷᠭᠤᠳᠠᠭᠤᠯᠳᠠᠭ ᠰᠡᠳᠭᠢᠯ ᠭᠡᠵᠤ

ᠰᠠᠯᠬᠤ ᠶᠢᠨ ᠠᠯᠬᠤᠮ ᠳᠤ ᠣᠢ᠌ᠤᠠᠬᠠᠷᠯᠠᠨ ᠪᠣᠰᠤᠭᠰᠠᠨ

ᠰᠢᠨᠠᠯᠬᠤ ᠶᠢᠨ ᠰᠠᠢ᠌ᠬᠠᠨ ᠳᠠᠭᠤᠤ ᠪᠠᠢ᠌ᠪᠠᠤ ⁈


ᠴᠢᠨᠤ ᠰᠤᠷᠠᠭ ᠦᠭᠡᠶ ᠦᠳᠡᠰᠢ


ᠴᠢᠨᠤ ᠰᠤᠷᠠᠭ ᠦᠭᠡᠶ ᠦᠳᠡᠰᠢ

ᠴᠠᠭᠢᠮ ᠴᠢᠮᠡᠭᠡ ᠶᠢ ᠴᠢᠨᠢ ᠭᠦᠰᠡᠵᠤ ᠰᠡᠳᠭᠢᠯ ᠡᠵᠡᠭᠦᠢᠷᠡᠨ᠎ᠡ

ᠴᠤᠭᠢᠯᠠᠬᠤ ᠵᠢᠷᠦᠭᠡᠨ ᠤ ᠴᠢᠨᠢ ᠠᠢ᠌ᠵᠢᠮ ᠴᠢᠩᠨᠠᠵᠤ

ᠴᠥᠩᠭᠦᠨ ᠳ᠋ᠠᠭᠢ ᠣᠳᠠᠰᠤ ᠪᠠᠨ ᠳᠠᠭᠢᠨ ᠳᠠᠭᠢᠨ ᠠᠭᠤᠳᠠᠯᠠᠨ᠎ᠠ

ᠴᠠᠭ ᠥᠩᠭᠡᠷᠡᠵᠤ ᠦᠭ‍ᠭᠦ ᠥᠭᠡᠢ ᠵᠢᠷᠦᠭᠡ ᠶᠢ ᠣᠷᠠᠨ᠎ᠠ

ᠴᠢᠩ ᠬᠠᠢ᠌ᠷ᠎ᠠ ᠶᠢᠨ ᠴᠢᠨᠢ ᠠᠶᠠᠯᠭᠤ ᠮᠥᠷᠦᠭᠡᠳᠴᠤ

ᠴᠢᠮ᠎ᠠ ᠳᠤ ᠣᠳᠠᠰᠤᠳᠠᠬᠤ ᠭᠡᠰᠡᠨ ᠪᠣᠳᠤᠯ ᠶᠢᠡᠨ ᠬᠠᠰᠢᠨ᠎ᠠ

ᠴᠢᠨᠤ ᠰᠤᠷᠠᠭ ᠦᠭᠡᠶ ᠦᠳᠡᠰᠢ

ᠴᠠᠭᠢᠮ ᠴᠢᠮᠡᠭᠡ ᠶᠢ ᠴᠢᠨᠢ ᠭᠦᠰᠡᠵᠤ ᠰᠡᠳᠭᠢᠯ ᠡᠵᠡᠭᠦᠢᠷᠡᠨ᠎ᠡ

ᠴᠢᠮ᠎ᠠ ᠪᠠᠨ ᠥᠭᠡᠢ᠌ᠯᠡᠭᠡᠳ ᠰᠢᠯᠦᠭ᠌ ᠮᠢᠨᠢ ᠣᠭᠢᠯᠠᠨ᠎ᠠ

ᠴᠢᠯᠠᠵᠤ ᠶᠠᠳᠠᠬᠤ ᠶᠢ ᠮᠡᠳᠡᠳᠡᠭ᠌ ᠦᠭᠡᠶ ᠣᠬᠠᠭ᠎ᠠ ᠮᠢᠨᠢ ᠰᠢᠨᠠᠯᠤᠨ᠎ᠠ

ᠴᠢᠨᠤ ᠰᠤᠷᠠᠭ ᠦᠭᠡᠶ ᠦᠳᠡᠰᠢ

ᠴᠢᠮ᠎ᠠ ᠪᠠᠨ ᠵᠡᠭᠦᠳᠦᠯᠡᠵᠤ ᠨᠣᠢ᠌ᠷ ᠦᠭᠡᠶ ᠬᠤᠨᠤᠨ᠎ᠠ ᠁


ᠵᠤᠬᠢᠶᠠᠭᠴᠢ ᠶᠢᠨ ᠬᠠᠶ‍ᠢᠭ᠄ ᠭᠢᠩᠭ᠋ᠠᠨ ᠠᠢ᠌ᠮᠠᠭ ᠤᠨ ᠵᠠᠯᠠᠢ᠌ᠳ ᠬᠤᠰᠢᠭᠤ

ᠵᠤᠬᠢᠶᠠᠭᠴᠢ᠄ ᠪᠣᠷᠵᠢᠭᠢᠨ ᠰᠦᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2644
ᠴᠠᠭ᠄ 2009 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ