☆ ᠪᠣᠶᠠᠨ
ᠬᠤᠤᠯᠢᠨ ᠨᠠᠮᠤᠷ
ᠬᠤᠤᠯᠢᠨ ᠨᠠᠮᠤᠷ ᠢ ᠭᠢᠩᠭ᠋ᠠᠨ ᠨᠢᠷᠤᠭᠤ ᠡᠴᠡ ᠬᠤᠮᠢᠬᠤ ᠳ᠋ᠤ
ᠬᠤᠷᠢᠶᠠᠭᠰᠠᠨ ᠠᠳᠤᠭᠤ ᠵᠠᠯᠠᠭᠤ ᠨᠠᠰᠤ ᠵᠥᠭ᠌ ᠦᠷᠭᠦᠨ᠎ᠡ
ᠬᠤᠷᠠᠭᠠᠨ ᠡᠭᠦᠯᠡ ᠶᠢ ᠣᠷᠭᠠᠨ ᠥᠵᠦᠭᠦᠷ ᠭᠦᠡᠳᠡᠮᠡᠷ
ᠬᠤᠤᠯᠢᠨ ᠳᠡᠭ᠍ᠷᠢ ᠣᠳᠤᠷ ᠤᠨ ᠠᠢ᠌ᠯ ᠡᠴᠡ ᠤᠢ᠌ᠷᠠᠬᠠᠨ
ᠭᠦᠮᠤᠨ ᠤ ᠰᠡᠳᠭᠢᠯ ᠨᠠᠷᠠ ᠳᠤᠭᠤᠨᠤᠯᠠᠵᠤ ᠬᠣᠢ᠌ᠮᠤᠷ ᠲᠤ ᠴᠠᠢ ᠰᠦᠯᠠᠵᠤ ᠰᠠᠭᠤᠨ᠎ᠠ
ᠬᠡᠦᠭᠡᠳ ᠤᠨ ᠭᠡᠢ᠌ᠷᠭᠡᠯ ᠳᠤᠭᠤᠯ ᠵᠠᠢ᠌ᠳᠠᠯᠠᠵᠤ ᠣᠬᠠᠭᠠᠷᠠᠯ ᠪᠣᠯᠵᠤ ᠰᠢᠷᠣᠢ᠌ᠳᠠᠨᠠ
ᠭᠦᠭ᠍ᠰᠦᠵᠤ ᠳᠡᠷᠪᠠᠭ᠍ᠰᠡᠨ ᠵᠠᠯᠠᠭᠤᠰ ᠨᠠᠢ᠌ᠷ ᠰᠢᠯᠠᠳᠠᠯᠠ ᠣᠷᠮᠠᠰᠢᠨᠠ
ᠭᠦᠳᠦᠯ ᠳᠠᠪᠠᠭᠰᠠᠨ ᠰᠠᠭᠠᠯᠢ ᠶᠢᠨ ᠦᠨᠦᠷ ᠰᠢᠭᠦᠰᠤ ᠱᠠᠩᠳᠠᠮᠠ ᠠᠮᠳᠠᠷᠬᠠᠨᠠ
ᠢᠨᠢᠶᠠᠳᠤ ᠠᠯᠳᠠᠭᠰᠠᠨ ᠪᠦᠰᠡᠭᠦᠢ ᠡᠭᠦᠳᠡ ᠳᠦᠭᠦᠷᠡᠩ ᠡᠶᠡᠯᠰᠦᠭ᠌
ᠢᠷᠠᠵᠤ ᠶᠠᠪᠣᠬᠤ ᠭᠦᠮᠦᠰ ᠤᠨ ᠰᠡᠳᠭᠢᠯ ᠠᠯᠳᠠᠮ᠎ᠠ ᠵᠤᠴᠢᠠᠰᠤᠭ
ᠵᠤᠬᠢᠶᠠᠭᠴᠢ ᠶᠢᠨ ᠬᠠᠶᠢᠭ ᠄ ᠬᠤᠤᠯᠢᠨ ᠭᠤᠤᠯ
ᠵᠤᠬᠢᠶᠠᠭᠴᠢ᠄ ᠪᠣᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 10 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ