☆ ᠪᠠ᠊·ᠨᠡᠭᠦᠳᠡᠯᠴᠢ
ᠡᠷᠳᠡᠨᠢᠭᠡᠷᠡᠯ
ᠡᠷᠳᠡᠨᠢᠭᠡᠷᠡᠯ ᠭᠡᠰᠡᠨ
ᠡᠭᠡᠯᠭᠡᠨ ᠪᠦᠰᠡᠭᠦᠢ ᠪᠠᠢ᠌ᠳᠠᠭ ᠶᠤᠮ
ᠡᠩᠭᠡᠰᠭᠡ ᠣ ᠰᠢᠪᠠᠭ᠎ᠠ ᠦᠭᠡᠶ ᠴᠤ
ᠡᠪᠯᠢᠭ᠍ᠭᠡᠨ ᠪᠦᠰᠡᠭᠦᠢ ᠶᠠᠪᠣᠳᠠᠭ ᠶᠤᠮ
ᠭᠦᠮᠤᠨ ᠤ ᠪᠠᠨ ᠳᠤᠮᠳᠠ
ᠭᠦᠭᠡᠷᠦᠭᠦᠨ ᠳᠠᠷᠠ ᠪᠦᠰᠡᠭᠦᠢ
ᠭᠦᠳᠡᠭᠡ ᠳᠡᠭᠡᠨ ᠪᠣᠯᠪᠠᠯ
ᠰᠤᠳᠤᠨ ᠳᠠᠷᠠ ᠪᠦᠰᠡᠭᠦᠢ
ᠨᠠᠮᠤᠷ ᠤᠨ ᠶᠢᠡᠨ ᠬᠠᠳᠤᠯᠠᠩ ᠳᠤ
ᠨᠠᠷᠠ ᠨᠢ ᠪᠣᠯᠤᠭᠰᠠᠨ ᠪᠦᠰᠡᠭᠦᠢ
ᠡᠪᠦᠯ ᠶᠢᠨ ᠶᠢᠡᠨ ᠭᠦᠢᠳᠡᠨ ᠳᠤ
ᠭᠠᠯ ᠨᠢ ᠪᠣᠯᠤᠭᠰᠠᠨ ᠪᠦᠰᠡᠭᠦᠢ
ᠠᠢ᠌ᠯ ᠤᠨ ᠡᠮᠦᠨᠡᠭᠢ ᠬᠤᠤᠠᠳᠤᠭ
ᠠᠷᠭᠠᠯ ᠦᠨᠡᠰᠤᠨ ᠣᠪᠣᠭ᠎ᠠ
ᠡᠡᠮᠦᠷᠭᠡᠰᠢᠭ᠌ ᠤᠨ ᠳᠡᠭᠡᠷᠮ᠎ᠡ
ᠠᠷᠪᠠᠭᠠᠤᠨ ᠳᠤᠭᠤᠯ ᠤᠨ ᠪᠠᠯᠴᠢᠭᠡᠷ
ᠠᠵᠢᠯ ᠭᠡᠳᠦᠢ ᠭᠦᠡᠳᠤ ᠴᠤ
ᠳᠠᠷᠤᠭᠳᠠᠭ᠎ᠠ ᠦᠭᠡᠶ ᠪᠦᠰᠡᠭᠦᠢ
ᠠᠯᠳᠠᠩᠬᠠᠨ ᠪᠠᠶ᠎ᠠ ᠨᠢ
ᠬᠤᠷᠭᠤᠳᠠᠭ᠎ᠠ ᠦᠭᠡᠶ ᠪᠦᠰᠡᠭᠦᠢ
ᠬᠠᠠᠵᠤᠨ ᠵᠤᠤᠬᠠᠨ ᠳᠤ ᠱᠠᠷᠴᠢᠭᠢᠨᠠᠬᠤ
ᠬᠠᠢ᠌ᠯᠠᠰᠤᠨ ᠳᠦᠯᠡᠭᠡ ᠨᠢ ᠢᠯᠴᠢᠳᠠᠢ
ᠬᠠᠴᠠᠷ ᠳᠡᠭᠡᠷ᠎ᠡ ᠪᠠᠨ ᠵᠢᠷᠤᠭᠰᠠᠨ
ᠬᠠᠷ᠎ᠠ ᠭᠦ ᠨᠢ ᠴᠤ ᠶᠠᠩᠵᠤᠳᠠᠢ
ᠰᠢᠨ᠎ᠠ ᠳᠠᠭᠠᠵᠤ ᠣᠷᠤᠰᠬᠤ
ᠭᠦᠯᠦᠰᠤ ᠨᠢ ᠭᠡᠶ᠎ᠡ ᠰᠤᠳᠤᠬᠠᠨ
ᠰᠢᠷᠭᠠᠯ ᠭᠦᠷᠮ᠎ᠡ ᠡᠴᠡ ᠴᠤᠬᠣᠢ᠌ᠬᠤ
ᠭᠦᠵᠦᠭᠦᠤ ᠨᠢ ᠭᠡᠵᠢᠶᠡᠳᠡ ᠳᠤᠳᠤᠬᠠᠨ
ᠢᠴᠢᠮᠡᠳᠡᠭᠡᠢ ᠣᠯᠠᠪᠢᠷ ᠴᠢᠷᠠᠢ ᠨᠢ
ᠢᠨᠢᠶᠡᠭᠦ ᠶᠤᠮᠰᠢᠭ ᠰᠠᠢ᠌ᠬᠠᠨ
ᠢᠷᠮᠡᠭᠯᠡᠨ ᠮᠠᠳᠠᠷᠠᠭᠰᠠᠨ ᠭᠡᠵᠢᠭᠡ ᠨᠢ
ᠢᠯᠪᠢᠭᠦ ᠶᠤᠮᠰᠢᠭ ᠳᠤᠶᠢᠬᠠᠨ
ᠠᠮᠠ ᠲᠡᠶ ᠪᠦᠭᠡᠵᠢᠨ ᠳᠡᠭᠡᠷᠡᠭᠢ
ᠰᠢᠭᠢᠦᠡᠭᠡᠷᠢ ᠱᠢᠷᠤ ᠨᠢ ᠢᠯᠡᠭᠡᠨ
ᠠᠷ ᠲᠡᠶ ᠦᠮᠦᠳᠦᠨ ᠳᠡᠭᠡᠷᠡᠭᠢ
ᠰᠢᠪᠢᠭ᠍ᠰᠡᠨ ᠬᠤᠸᠠᠷ ᠨᠢ ᠭᠢᠯᠠᠭᠠᠨ
ᠠᠶ᠎ᠠ᠂ ᠳᠠᠷᠠ ᠪᠦᠰᠡᠭᠦᠢ ᠶᠢᠨ
ᠠᠶᠠᠭ᠎ᠠ ᠴᠠᠢ ᠶᠢ ᠣᠤᠭᠤᠭᠰᠠᠨ
ᠠᠯᠢᠮᠠᠨ ᠣᠯᠠᠭᠠᠨ ᠬᠠᠴᠠᠷ ᠤᠨ ᠭᠢᠨᠢ
ᠠᠮᠢᠳᠤ ᠬᠤᠠᠳᠠᠭ᠎ᠠ ᠶᠢ ᠴᠤ ᠰᠤᠷᠤᠭᠰᠠᠨ
ᠠᠯᠮᠠᠩ ᠬᠠᠷᠠᠩᠭ᠋ᠤᠢ ᠶᠢᠨ ᠳᠤᠮᠳᠠ
ᠠᠮᠠᠷᠠᠭ ᠳᠠᠭᠤ ᠶᠢ ᠨᠢ ᠰᠤᠨᠤᠰᠤᠭᠰᠠᠨ
ᠠᠯᠠᠭ ᠨᠢᠳᠤᠨ ᠤ ᠭᠢᠨᠢ ᠳᠠᠳᠠᠭᠰᠠᠨ
ᠠᠷᠭᠠᠮᠵᠢ ᠳᠤᠤᠷ ᠳ᠋ᠤᠨᠢ ᠣᠨᠠᠭᠰᠠᠨ
ᠰᠢᠭᠦᠳᠡᠷᠢ ᠪᠠᠭᠤᠭᠰᠠᠨ ᠰᠦᠨᠢ ᠪᠠᠷ
ᠭᠡᠭᠡᠷ᠎ᠡ ᠶᠢᠨ ᠪᠣᠯᠵᠤᠭᠠᠨ ᠳᠤ ᠠᠭᠤᠯᠵᠠᠭᠰᠠᠨ
ᠰᠢᠮᠠᠭᠤᠯ ᠪᠠᠳᠠᠭᠠᠨ᠎ᠠ ᠳᠤᠮᠳᠠᠭᠤᠷ
ᠭᠡᠩᠭᠦᠳᠡᠭ᠌ ᠪᠠᠨ ᠳᠡᠯᠭᠡᠨ ᠨᠠᠭᠠᠯᠳᠤᠭᠰᠠᠨ
ᠰᠠᠷᠠᠨ ᠤ ᠪᠠᠨ ᠳᠤᠶᠠᠭᠠᠨ ᠳᠤ
ᠳᠠᠭᠤᠤ ᠨᠡᠢ᠌ᠯᠡᠭ᠍ᠰᠡᠨ ᠪᠦᠰᠡᠭᠦᠢ
ᠰᠠᠯᠵᠤ ᠳᠦᠪᠳᠡᠭᠦ ᠦᠭᠡᠶ ᠦᠶ᠎ᠡ ᠳᠡᠭᠡᠨ
ᠭᠠᠷ ᠨᠡᠢ᠌ᠯᠡᠭ᠍ᠰᠡᠨ ᠪᠦᠰᠡᠭᠦᠢ
ᠬᠠᠷᠭᠤᠵᠤ ᠬᠠᠷᠭᠤᠭᠰᠠᠭᠠᠷ
ᠬᠠᠷᠠᠴᠠ ᠨᠡᠢ᠌ᠯᠡᠭ᠍ᠰᠡᠨ ᠪᠦᠰᠡᠭᠦᠢ
ᠬᠠᠮᠳᠤ ᠵᠠᠷᠢᠮ ᠳᠠᠭᠠᠨ ᠠᠯᠬᠤᠬᠤ ᠳᠤ
ᠮᠦᠷᠤ ᠨᠡᠢ᠌ᠯᠡᠭ᠍ᠰᠡᠨ ᠪᠦᠰᠡᠭᠦᠢ
ᠣᠴᠠᠷᠠᠵᠤ ᠣᠴᠠᠷᠠᠭᠰᠠᠭᠠᠷ
ᠣᠷᠤᠭᠤᠯ ᠨᠡᠢ᠌ᠯᠡᠭ᠍ᠰᠡᠨ ᠪᠦᠰᠡᠭᠦᠢ
ᠣᠬᠠᠭᠠᠠᠳᠠᠢ ᠭᠦᠮᠤᠨ ᠤ ᠶᠠᠷᠢᠬᠤ ᠪᠠᠷ
ᠣᠶᠠᠭ᠎ᠠ ᠨᠡᠢ᠌ᠯᠡᠭ᠍ᠰᠡᠨ ᠪᠦᠰᠡᠭᠦᠢ
ᠦᠨᠡᠨ ᠢ ᠪᠠᠨ ᠭᠡᠯᠡᠪᠠᠯ
ᠥᠭᠡ ᠨᠡᠢ᠌ᠯᠡᠭ᠍ᠰᠡᠨ ᠪᠦᠰᠡᠭᠦᠢ
ᠥᠭᠡᠷ᠎ᠡ ᠭᠦᠮᠤᠨ ᠤ ᠥᠵᠡᠭᠦ ᠪᠠᠷ
ᠭᠦᠯ ᠨᠡᠢ᠌ᠯᠡᠭ᠍ᠰᠡᠨ ᠪᠦᠰᠡᠭᠦᠢ᠃
ᠵᠤᠬᠢᠶᠠᠭᠴᠢ᠄ ᠪᠠ᠊·ᠨᠡᠭᠦᠳᠡᠯᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2632
ᠴᠠᠭ᠄ 2008 ᠤᠨ ᠤ 12 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ