☆ ᠪᠣᠷᠵᠢᠭᠢᠨ ᠷᠢᠠᠴᠢᠨ
ᠡᠷᠭᠡ ᠴᠢᠯᠦᠭᠡ (ᠵᠠᠳᠠᠭᠠᠢ ᠰᠢᠯᠦᠭ᠌)
1
《ᠪᠢ ᠪᠣᠯ ᠴᠢᠨᠤ ᠣᠷᠤᠰᠢᠨ ᠳᠤᠭᠳᠠᠨᠢᠬᠤ ᠭᠡᠷ ᠴᠢᠨᠢ ᠶᠤᠮ》 ᠭᠡᠵᠤ ᠯᠤᠩᠬᠤ ᠠᠷᠢᠭᠢᠨ ᠳᠤ ᠰᠢᠪᠠᠨᠠᠨ᠎ᠡ᠂ 《ᠪᠢ ᠦᠭᠡᠶ ᠶᠤᠮ ᠪᠣᠯ ᠴᠢ ᠭᠡᠷᠡᠭ᠌ ᠦᠭᠡᠶ ᠨᠤᠪᠰᠢ ᠪᠣᠯᠤᠨ᠎ᠠ》 ᠭᠡᠵᠤ ᠠᠷᠢᠭᠢ ᠯᠤᠩᠬᠤᠨ ᠳᠤ ᠰᠡᠴᠡᠷᠭᠡᠨᠡ᠃
2
ᠨᠠᠷᠠ ᠰᠠᠯᠵᠤ ᠶᠠᠳᠠᠭᠰᠠᠨ ᠳᠠᠭᠠᠨ ᠣᠯᠠᠭᠠᠨ ᠳᠤᠷᠳᠤᠩ ᠠᠯᠴᠢᠭᠤᠷ ᠶᠢᠡᠨ ᠠᠪᠴᠢᠷᠡᠵᠤ ᠡᠳᠦᠷ ᠲᠤ ᠪᠠᠯᠡᠭᠯᠡᠴᠢᠭᠡᠯᠡ᠂ ᠰᠥᠨᠢ ᠠᠳᠠᠭᠠᠷᠠᠬᠤ ᠳᠠᠭᠠᠨ ᠪᠠᠭᠡ ᠪᠠᠷ ᠳᠡᠭᠦᠨ ᠢ ᠨᠢ ᠪᠢᠯᠳᠠᠴᠢᠬᠠᠪᠠ᠃
3
《ᠳᠠ ᠭᠡᠴᠢᠨᠡᠨ ᠰᠠᠷᠠᠭᠤᠯ ᠠᠭᠤᠳᠠᠮ ᠪᠣᠢ》 ᠭᠡᠵᠤ ᠠᠭᠤᠯᠠ ᠭᠡᠯᠡᠨ᠎ᠡ᠂
《ᠳᠠ ᠴᠤ ᠥᠨᠡᠭᠡᠷ ᠦᠨᠳᠦᠷ ᠰᠦᠷᠯᠢᠭ᠌ ᠪᠠᠢ᠌ᠨ᠎ᠠ ᠳ᠋ᠠ》 ᠭᠡᠵᠤ ᠳᠠᠯ᠎ᠠ ᠴᠤ ᠪᠢᠰᠢᠷᠠᠨ ᠶᠠᠷᠢᠨ᠎ᠠ᠃
4
《ᠪᠢ ᠳᠡᠭ᠍ᠳᠡᠶᠡ》 ᠭᠡᠵᠤ ᠭᠦᠯ ᠪᠦᠮᠪᠦᠭᠡ ᠳᠦᠳᠦᠭᠡᠨᠡᠨᠡ᠂ 《ᠴᠢᠮᠢ᠋ᠢ ᠪᠢ ᠮᠥᠩᠭᠡ ᠣᠷᠤᠰᠢᠬᠤ ᠭᠦᠭᠡ ᠳᠡᠭ᠍ᠷᠢ ᠶᠢᠨ ᠳᠠᠩᠨᠠᠢ ᠳᠤ ᠡᠯᠭᠦᠴᠢᠶᠡ》 ᠭᠡᠵᠤ ᠭᠦᠯ ᠶᠠᠷᠢᠨ᠎ᠠ᠂ 《ᠳᠡᠭᠡᠪᠠᠯ ᠴᠢᠮᠢ᠋ᠢ ᠦᠳᠡᠰᠢ ᠪᠣᠯᠭᠠᠨ ᠦᠵᠡᠵᠤ ᠰᠠᠭᠤᠶ᠎ᠠ ᠳ᠋ᠠ》 ᠭᠡᠵᠤ ᠨᠢᠳᠤ ᠨᠢ ᠪᠦᠮᠪᠦᠭᠡ ᠳᠤ ᠭᠡᠯᠡᠨ᠎ᠡ᠃
5
《ᠪᠢ ᠴᠢᠨᠤ ᠬᠡᠦᠬᠡᠳ ᠪᠢᠰᠢ》 ᠭᠡᠵᠤ ᠰᠢᠨᠠᠭᠠᠨ ᠬᠤᠷᠤᠬᠠᠢ ᠮᠡᠯᠡᠭᠡᠢ ᠳᠤ ᠭᠡᠯᠡᠨ᠎ᠡ᠂ ᠮᠡᠯᠡᠭᠡᠢ ᠬᠠᠷᠢᠨ ᠪᠠᠶᠠᠷᠯᠠᠴᠢᠬᠠᠯᠠ᠃
6
《ᠪᠢ ᠴᠢᠨᠤ ᠡᠭᠡ》 ᠭᠡᠵᠤ ᠥᠡᠳᠡᠭᠡ ᠳᠠᠭᠢᠶᠠᠨ ᠳᠤ ᠰᠡᠴᠡᠷᠭᠡᠨᠡ᠂ ᠲ᠋ᠡᠭᠢᠶᠡ ᠠᠭᠤᠷᠯᠠᠬᠤ ᠳᠠᠭᠠᠨ ᠥᠡᠳᠡᠭᠡ ᠶᠢ ᠨᠢᠭᠡ ᠯᠠ ᠳᠤᠩᠰᠢᠭᠠᠤᠨ ᠬᠠᠭᠠᠯᠴᠢᠬᠠᠯᠠ᠃
7
《ᠮᠤᠭᠠᠢ ᠥᠭᠦᠴᠢᠭᠡᠵᠡᠢ》 ᠭᠡᠵᠤ ᠴᠢᠭᠢ ᠭᠡᠯᠡᠨ᠎ᠡ᠂
《ᠦᠨᠦᠷ ᠭᠠᠷᠴᠤ ᠪᠠᠢ᠌ᠨ᠎ᠠ》 ᠭᠡᠵᠤ ᠬᠠᠮᠠᠷ ᠨᠢ ᠮᠡᠷᠭᠡᠯᠡᠨ᠎ᠡ᠂
《ᠵᠠᠭᠤ ᠰᠤᠨᠤᠰᠤᠭᠰᠠᠨ ᠡᠴᠠ ᠨᠢᠭᠡ ᠥᠵᠡᠭ᠍ᠰᠡᠨ ᠨᠢ ᠳᠡᠭᠡᠷ᠎ᠡ》 ᠭᠡᠵᠤ ᠨᠢᠳᠤ ᠨᠢ ᠰᠠᠨᠠᠭᠤᠯᠤᠨ᠎ᠠ᠃
8
《ᠦᠨᠳᠦᠰᠦ ᠴᠢᠨᠢ ᠭᠦᠶᠦᠭᠡᠨ ᠪᠠᠢ᠌ᠨ᠎ᠠ ᠳ᠋ᠠ》 ᠭᠡᠵᠤ ᠭᠡᠷᠡᠮ ᠨᠢ ᠭᠡᠯᠡᠨ᠎ᠡ᠂ 《ᠦᠨᠳᠦᠰᠦ ᠭᠦᠶᠦᠭᠡᠨ ᠴᠤ ᠭᠦᠯ ᠤᠨ ᠣᠯᠠ ᠡᠴᠠ ᠵᠠᠢ᠌ᠯᠠᠭᠤᠯᠵᠤ ᠴᠢᠳᠠᠭᠰᠠᠨ ᠳᠤ ᠴᠢᠨᠢ ᠪᠠᠶᠠᠷᠯᠠᠯ᠎ᠠ》 ᠭᠡᠵᠤ ᠭᠡᠷᠡᠮ ᠳᠡᠭᠡᠷᠡᠭᠢ ᠡᠪᠠᠰᠤ ᠨᠢ ᠪᠠᠶᠠᠰᠤᠨ ᠶᠠᠷᠢᠨ᠎ᠠ᠃
9
《ᠪᠢ ᠴᠢᠨᠢ ᠣᠷᠤᠰᠬᠠᠯ ᠣᠰᠤ ᠰᠢᠭ ᠯᠠ ᠣᠷᠤᠰᠴᠤ ᠯᠠ ᠪᠠᠢ᠌ᠳᠠᠭ》 ᠭᠡᠵᠤ ᠵᠤᠭᠤᠰ ᠨᠢ ᠭᠦᠮᠦᠰ ᠲᠤ ᠭᠡᠯᠡᠨ᠎ᠡ᠂ ᠤᠬᠠᠭᠠᠨᠳᠡᠢ ᠭᠦᠮᠤᠨ ᠨᠢ ᠴᠤᠮᠤ ᠠᠪᠴᠢᠷᠠᠭᠠᠤᠨ ᠬᠤᠳᠬᠤᠨ ᠠᠪᠴᠤ ᠯᠠ ᠪᠠᠢ᠌ᠯ᠎ᠠ᠂ ᠬᠤᠪᠳᠤᠭ ᠭᠦᠮᠤᠨ ᠨᠢ ᠭᠠᠩ ᠠᠪᠴᠢᠷᠠᠭᠠᠤᠨ ᠡᠷᠭᠦᠵᠤ ᠳᠡᠢ᠌ᠯᠦᠭ᠍ᠰᠡᠨ ᠥᠭᠡᠢ ᠬᠡᠭᠡᠯᠴᠢᠭᠡᠭᠡᠳ ᠶᠠᠭᠤ ᠴᠤ ᠣᠯᠤᠭᠰᠠᠨ ᠦᠭᠡᠶ ᠬᠤᠪ ᠬᠤᠭᠤᠰᠤᠨ ᠰᠠᠭᠤᠴᠢᠬᠠᠯ᠎ᠠ᠃
10
《ᠪᠢ ᠭᠡᠳᠦᠢ ᠵᠢᠷᠭᠠᠯ ᠲᠡᠶ ᠪᠤᠢ᠂ ᠡᠳᠦᠷ ᠡᠳᠦᠷ ᠭᠦᠮᠦᠰ ᠨᠠᠳᠠᠳᠤ ᠢᠳᠠᠰᠢ ᠭᠦᠷᠭᠡᠨ᠎ᠡ》 ᠭᠡᠵᠤ ᠳᠤᠤᠷ ᠳᠠᠭᠢ ᠳᠤᠳᠢ ᠭᠡᠷ ᠤᠨ ᠰᠠᠷᠠᠪᠴᠢᠨ ᠳ᠋ᠠᠭᠢ ᠪᠣᠯᠵᠤᠮᠤᠷ ᠲᠤ ᠶᠠᠷᠢᠨ᠎ᠠ᠂ 《ᠠᠢ᠂ ᠴᠢ ᠴᠤ ᠮᠦᠨ ᠭᠦᠭᠡᠷᠦᠭᠦᠢ ᠠᠮᠢᠳᠠᠨ᠂ ᠴᠢ ᠨᠠᠳᠠ ᠶᠢ ᠦᠵᠡ》 ᠭᠡᠳ ᠭᠡᠷ ᠤᠨ ᠰᠠᠷᠠᠪᠴᠢᠨ ᠳ᠋ᠠᠭᠢ ᠪᠣᠯᠵᠤᠮᠤᠷ ᠣᠢ ᠵᠥᠭ᠌ ᠶᠢᠡᠨ ᠨᠢᠰᠦᠭᠡᠳ ᠶᠠᠪᠣᠴᠢᠬᠠᠯ᠎ᠠ᠃
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2659
ᠴᠠᠭ᠄ 2012 ᠤᠨ ᠤ 06 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ