1990 ᠣᠨ ᠤ ᠣᠯᠢᠮᠫᠢᠺ ᠤᠨ ᠳᠤᠭᠠᠨ ᠤ ᠣᠷᠤᠯᠳᠤᠭᠠᠨ ᠤ ᠰᠠᠳᠤᠪ
1990 ᠣᠨ ᠤ ᠪᠦᠭᠦ ᠣᠯᠤᠰ ᠤᠨ ᠪᠠᠭ᠎ᠠ ᠰᠤᠷᠭᠠᠭᠤᠯᠢ ᠶᠢᠨ ᠣᠯᠢᠮᠫᠢᠺ ᠤᠨ ᠳᠤᠭᠠᠨ ᠤ ᠣᠷᠤᠯᠳᠤᠭᠠᠨ ᠤ ᠰᠠᠳᠤᠪ ᠵᠢᠴᠢ ᠬᠠᠷᠢᠭᠤᠯᠳᠠ
ᠨᠢᠭᠡ᠂ ᠰᠠᠳᠤᠪ ᠢ ᠪᠣᠳᠤ᠄
ᠬᠤᠶᠠᠷ᠂ ᠭᠡᠷᠪᠡ ᠠᠷᠪᠠᠨ ᠠᠳᠠᠯᠢ ᠪᠣᠰᠤ ᠬᠤᠶᠠᠷ ᠣᠷᠤᠠᠳᠤ ᠰᠤᠠᠳᠠᠭᠠᠢ ᠳᠤᠭᠠᠨ ᠤ ᠨᠠᠢ᠌ᠯᠠᠪᠣᠷᠢ ᠨᠢ 898 ᠪᠣᠯ᠂ ᠡᠨᠡ ᠠᠷᠪᠠᠨ ᠳᠤᠭᠠᠨ ᠳ᠋ᠠᠭᠢ ᠬᠠᠮᠤᠭ ᠪᠠᠭ᠎ᠠ ᠳᠤᠭ᠎ᠠ ᠨᠢ
ᠭᠤᠷᠪᠠ᠂ ᠵᠢᠷᠤᠭ ᠮᠠᠳᠤ᠂ ᠰᠢᠯᠤᠭᠤᠨ ᠳᠡᠭᠡᠷᠡᠭᠢ ᠬᠤᠭᠤᠷᠤᠠᠳᠤᠭᠢ ᠵᠠᠢ ᠨᠢ ᠨᠢᠭᠡ ᠢᠮᠠᠬᠤ ᠪᠣᠯᠬᠤ ᠬᠤᠶᠠᠷ ᠴᠡᠭ᠌ A ᠪᠠ B ᠳᠡᠭᠡᠷ᠎ᠡ ᠳᠤᠰ ᠪᠦᠷᠢ ᠨᠢᠭᠡ ᠮᠡᠯᠡᠭᠡᠢ ᠪᠣᠢ᠃ A ᠴᠡᠭ᠌ ᠤᠨ ᠮᠡᠯᠡᠭᠡᠢ ᠰᠢᠯᠤᠭᠤᠨ ᠳᠠᠭᠠᠤ B ᠴᠡᠭ᠌ ᠶᠢᠡᠷ ᠲᠦᠪ ᠪᠣᠯᠭᠠᠭᠰᠠᠨ ᠳᠡᠭ᠍ᠰᠢ ᠭᠡᠮᠳᠤ ᠴᠡᠭ᠌A1 ᠲᠤ ᠦᠰᠦᠷᠤᠨ ᠣᠴᠢᠪᠠ᠂ B ᠴᠡᠭ᠌ ᠳᠠᠭᠢ ᠮᠡᠯᠡᠭᠡᠢ ᠨᠢ A ᠴᠡᠭ᠌ ᠶᠢᠡᠷ ᠲᠦᠪ ᠪᠣᠯᠭᠠᠭᠰᠠᠨ ᠳᠡᠭ᠍ᠰᠢ ᠭᠡᠮᠳᠤ ᠴᠡᠭ᠌ B1 ᠲᠤ ᠦᠰᠦᠷᠤᠨ ᠣᠴᠢᠪᠠ᠃ ᠵᠠᠯᠭᠠᠭᠠᠤᠨ A1 ᠴᠡᠭ᠌ ᠤᠨ ᠮᠡᠯᠡᠭᠡᠢ B1 ᠴᠡᠭ᠌ ᠶᠢᠡᠷ ᠲᠦᠪ ᠪᠣᠯᠭᠠᠭᠰᠠᠨ ᠳᠡᠭ᠍ᠰᠢ ᠭᠡᠮᠳᠤ ᠴᠡᠭ᠌ A2 ᠲᠤ ᠦᠰᠦᠷᠤᠨ ᠣᠴᠢᠪᠠ᠂ B1 ᠴᠡᠭ᠌ ᠤᠨ ᠮᠡᠯᠡᠭᠡᠢ ᠨᠢ A1 ᠴᠡᠭ᠌ ᠶᠢᠡᠷ ᠲᠦᠪ ᠪᠣᠯᠭᠠᠭᠰᠠᠨ ᠳᠡᠭ᠍ᠰᠢ ᠭᠡᠮᠳᠤ ᠴᠡᠭ᠌ B2 ᠲᠤ ᠦᠰᠦᠷᠤᠨ ᠣᠴᠢᠪᠠ᠃ ᠡᠨᠡ ᠮᠠᠳᠤ ᠪᠠᠷ ᠬᠤᠶᠠᠷ ᠮᠡᠯᠡᠭᠡᠢ ᠳᠤᠰᠪᠣᠷᠢ 7 ᠣᠳᠠᠭ᠎ᠠ ᠦᠰᠦᠷᠪᠠ᠃ ᠳᠡᠭᠡᠪᠠᠯ ᠬᠤᠶᠠᠷ ᠮᠡᠯᠡᠭᠡᠢ ᠶᠢᠨ ᠬᠤᠭᠤᠷᠤᠠᠳᠤᠭᠢ ᠵᠠᠢ ᠨᠢ ᠢᠮᠠᠬᠤ᠃
ᠳᠦᠷᠪᠡ᠂ ᠰᠢᠶᠤᠤ ᠮᠢᠩ ᠰᠢᠤᠳᠠᠨ ᠶᠢᠡᠷ ᠭᠤᠷᠪᠠᠨ ᠵᠣᠢ᠌ᠯ ᠤᠨ ᠵᠠᠭᠢᠳᠠᠯ ᠭᠤᠪᠢᠭᠤᠯᠪᠠ᠃ ᠭᠡᠪ ᠤᠨ ᠵᠠᠭᠢᠳᠠᠯ ᠪᠦᠷᠢ ᠶᠢᠨ ᠭᠤᠪᠢᠭᠤᠯᠭ᠎ᠠ ᠶᠢᠨ ᠰᠥᠢᠦᠡᠭᠡᠯ 8 ᠮᠥᠩᠭᠦ᠂ ᠠᠭᠠᠷ ᠶᠢᠡᠷ ᠭᠤᠪᠢᠭᠤᠯᠬᠤ ᠵᠠᠭᠢᠳᠠᠯ ᠪᠦᠷᠢ ᠶᠢᠨ ᠭᠤᠪᠢᠭᠤᠯᠭ᠎ᠠ ᠶᠢᠨ ᠰᠥᠢᠦᠡᠭᠡᠯ 10 ᠮᠥᠩᠭᠦ᠂ ᠳ᠋ᠤᠭᠠᠷᠯᠠᠭᠰᠠᠨ ᠵᠠᠭᠢᠳᠠᠯ ᠪᠦᠷᠢ ᠶᠢᠨ ᠭᠤᠪᠢᠭᠤᠯᠭ᠎ᠠ ᠶᠢᠨ ᠰᠥᠢᠦᠡᠭᠡᠯ 20 ᠮᠥᠩᠭᠦ᠃ ᠰᠢᠶᠤᠤ ᠮᠢᠩ ᠭᠡᠷᠪᠡ ᠨᠠᠢ᠌ᠳᠠ 1 ᠳᠦᠭᠦᠷᠢᠭ᠌ 22 ᠮᠥᠩᠭᠦ ᠵᠠᠷᠤᠴᠠᠭᠤᠯᠤᠭᠰᠠᠨ ᠪᠣᠯ᠂ ᠰᠢᠶᠤᠤ ᠮᠢᠩ ᠠᠳᠠᠭ ᠲᠠᠭᠠᠨ ᠭᠡᠳᠤᠨ ᠬᠤᠪᠢ ᠵᠠᠭᠢᠳᠠᠯ ᠭᠤᠪᠢᠭᠤᠯᠤᠭᠰᠠᠨ ᠪᠣᠢ︖
ᠳᠠᠪᠣ᠂ ᠵᠢᠷᠤᠭ ᠮᠠᠳᠤ᠂ ᠵᠢᠵᠢᠭ᠌ ᠳᠦᠷᠪᠡᠯᠵᠢᠨ ᠪᠦᠷᠢ ᠶᠢᠨ ᠳᠠᠯᠠᠪᠠᠢ ᠨᠢ 1᠂ ᠳᠡᠭᠡᠪᠠᠯ ᠵᠢᠷᠤᠭ ᠳᠠᠭᠢ ᠨᠤᠬᠠᠢ ᠶᠢᠨ ᠡᠵᠡᠯᠡᠵᠤ ᠪᠠᠢ᠌ᠭ᠎ᠠ ᠳᠠᠯᠠᠪᠠᠢ ᠨᠢ ᠪᠣᠯᠤᠨ᠎ᠠ᠃
ᠵᠢᠷᠭᠤᠭ᠎ᠠ᠂ ᠥᠨᠡᠭᠡ᠂ ᠳᠠᠤᠯᠠᠢ᠂ ᠭᠡᠷᠡᠮᠤ ᠭᠤᠷᠪᠠ ᠭᠦᠶᠦᠵᠤ ᠣᠷᠤᠯᠳᠤᠪᠠ᠃ ᠥᠨᠡᠭᠡ ᠶᠢᠨ ᠭᠦᠶᠦᠭᠦ ᠬᠤᠷᠳᠤᠴᠠ ᠳᠠᠤᠯᠠᠢ ᠶᠢᠨ ᠭᠦᠶᠦᠭᠦ ᠬᠤᠷᠳᠤᠴᠠ ᠶᠢᠨ 2/3᠂ ᠳᠠᠤᠯᠠᠢ ᠶᠢᠨ ᠭᠦᠶᠦᠭᠦ ᠬᠤᠷᠳᠤᠴᠠ ᠨᠢ ᠭᠡᠷᠡᠮᠤ ᠶᠢᠨ ᠭᠦᠶᠦᠭᠦ ᠬᠤᠷᠳᠤᠴᠠ ᠶᠢᠨ 2 ᠳᠠᠭᠢᠨ ᠪᠣᠯᠤᠨ᠎ᠠ᠃ 1 ᠮᠢᠨᠦ᠋ᠲ ᠲᠤ ᠭᠡᠷᠡᠮᠤ ᠥᠨᠡᠭᠡ ᠡᠴᠡ 14 ᠮᠸᠲ᠋ᠷ ᠳᠤᠳᠠᠭᠤ ᠭᠦᠶᠦᠨ᠎ᠡ᠃ ᠳᠡᠭᠡᠪᠠᠯ ᠬᠠᠭᠠᠰ ᠮᠢᠨᠦ᠋ᠲ ᠲᠤ ᠳᠠᠤᠯᠠᠢ ᠥᠨᠡᠭᠡ ᠡᠴᠡ ᠮᠸᠲ᠋ᠷ ᠢᠯᠡᠭᠦᠤ ᠭᠦᠶᠦᠨ᠎ᠡ᠃
ᠳᠤᠯᠤᠭ᠎ᠠ᠂ ᠭᠦᠭᠡ ᠭᠦᠭᠡᠭ᠍ᠴᠢᠨ ᠬᠤᠶᠠᠷ ᠭᠦᠮᠤᠨ 3 ᠮᠸᠲ᠋ᠷ ᠣᠷᠳᠤ ᠰᠢᠳᠠᠮ ᠢ ᠰᠢᠷᠳᠠᠨ᠎ᠠ᠃ ᠣᠷᠢᠳᠠᠪᠠᠷ ᠭᠦᠭᠡ ᠰᠢᠳᠠᠮ ᠤᠨ ᠨᠢᠭᠡ ᠥᠵᠦᠭᠦᠷ ᠡᠴᠡ ᠡᠭᠢᠯᠡᠵᠤ 5 cm ᠰᠢᠷᠳᠠᠪᠠᠯ 5cm ᠰᠢᠷᠳᠡᠭᠦ ᠦᠭᠡᠶ ᠪᠠᠷ ᠠᠯᠠᠭᠯᠠᠵᠤ᠂ ᠡᠨᠡ ᠮᠠᠳᠤ ᠪᠠᠷ ᠪᠠᠷᠠᠳᠠᠯ᠎ᠠ ᠰᠢᠷᠳᠠᠨ᠎ᠠ᠃ ᠳᠠᠷᠠᠭ᠎ᠠ ᠨᠢ ᠭᠦᠭᠡᠭ᠍ᠴᠢᠨ ᠪᠠᠰᠠ ᠮᠦᠨ ᠳᠤᠰ ᠥᠵᠦᠭᠦᠷ ᠡᠴᠡ ᠡᠭᠢᠯᠡᠵᠤ 6cm ᠰᠢᠷᠳᠡᠭᠦ ᠦᠭᠡᠶ ᠪᠠᠷ ᠥᠯᠡᠳᠡᠭᠡᠵᠤ 6cm ᠰᠢᠷᠳᠠᠵᠤ ᠳᠠᠭᠢᠨ 6cm ᠥᠯᠡᠳᠡᠭᠡᠵᠤ᠂ ᠡᠨᠡ ᠮᠠᠳᠤ ᠪᠠᠷ ᠪᠠᠷᠠᠳᠠᠯ᠎ᠠ ᠠᠯᠠᠭᠯᠠᠨ ᠰᠢᠷᠳᠠᠨ᠎ᠠ᠃ ᠳᠡᠭᠡᠪᠠᠯ ᠰᠢᠳᠠᠮ ᠳᠤ ᠰᠢᠷᠳᠡᠭ᠍ᠳᠡᠭ᠍ᠰᠡᠨ ᠦᠭᠡᠶ ᠭᠡᠰᠡᠭ᠌ ᠤᠨ ᠣᠷᠳᠤ ᠶᠢᠨ ᠨᠠᠢ᠌ᠯᠠᠪᠣᠷᠢ ᠨᠢ cm ᠪᠣᠯᠤᠨ᠎ᠠ᠃
ᠨᠢ᠋ᠮᠠ᠂ (ᠲ᠋ᠤᠰ ᠰᠠᠳᠤᠪ ᠤᠨ ᠠᠭᠤᠯᠭ᠎ᠠ ᠶᠢ ᠪᠦᠷᠢᠨ ᠣᠯᠤᠭᠰᠠᠨ ᠦᠭᠡᠶ)
ᠶᠢᠰᠤ᠂ ᠰᠢᠶᠤᠤ ᠮᠢᠩ ᠮᠢᠨᠦ᠋ᠲ ᠪᠦᠷᠢ ᠨᠢᠭᠡ ᠰᠠᠪᠣᠩ ᠤᠨ ᠭᠦᠭᠡᠰᠤ ᠦᠯᠢᠶᠠᠨ᠎ᠠ᠂ ᠨᠢᠭᠡ ᠣᠳᠠᠭ᠎ᠠ ᠳᠤ ᠶᠠᠭ ᠰᠠᠢ᠌ᠬᠠᠨ 100 ᠭᠦᠭᠡᠰᠤ ᠦᠯᠢᠶᠠᠵᠤ ᠭᠠᠷᠭᠠᠨ᠎ᠠ᠃ ᠦᠯᠢᠶᠠᠵᠤ ᠭᠠᠷᠭᠠᠭᠰᠠᠨ ᠰᠠᠪᠣᠩ ᠤᠨ ᠭᠦᠭᠡᠰᠤ ᠨᠢᠭᠡ ᠮᠢᠨᠦ᠋ᠲ ᠤᠨ ᠳᠠᠷᠠᠭ᠎ᠠ ᠬᠠᠭᠠᠰ ᠨᠢ ᠵᠠᠮᠬᠠᠷᠠᠨ᠎ᠠ᠃ ᠬᠤᠶᠠᠷ ᠮᠢᠨᠦ᠋ᠲ ᠤᠨ ᠳᠠᠷᠠᠭ᠎ᠠ 1/20 ᠨᠢ ᠯᠠ ᠦᠯᠠᠳᠠᠨ᠎ᠠ᠃ ᠬᠤᠶᠠᠷ ᠮᠢᠨᠦ᠋ᠲ ᠬᠠᠭᠠᠰ ᠤᠨ ᠳᠠᠷᠠᠭ᠎ᠠ ᠪᠦᠭᠦᠳᠡᠭᠡᠷ ᠵᠠᠮᠬᠠᠷᠠᠵᠤ ᠳᠠᠭᠤᠰᠤᠨ᠎ᠠ᠃ ᠳᠡᠭᠡᠪᠠᠯ᠂ ᠰᠢᠶᠤᠤ ᠮᠢᠩ ᠬᠤᠷᠢᠳᠤᠭᠠᠷ ᠣᠳᠠᠭ᠎ᠠ ᠵᠠᠭᠤᠨ ᠭᠦᠭᠡᠰᠤ ᠦᠯᠢᠶᠠᠵᠤ ᠭᠠᠷᠭᠠᠬᠤ ᠦᠶᠡᠰ ᠵᠠᠮᠬᠠᠷᠠᠭᠠᠳᠤᠢ ᠭᠦᠭᠡᠰᠤ ᠪᠠᠰᠠ ᠪᠠᠢ᠌ᠨ᠎ᠠ᠃
ᠠᠷᠪᠠ᠂ ᠨᠢᠭᠡᠨ ᠳ᠋ᠢᠶᠠᠩᠬᠤᠧᠨ ᠶᠢᠨ ᠨᠤᠮᠸᠷ ᠵᠢᠷᠭᠤᠭᠠᠨ ᠣᠷᠤᠨ ᠲᠡᠶ᠂ ᠡᠭᠢᠨ ᠤ ᠭᠤᠷᠪᠠᠨ ᠣᠷᠤᠨ ᠳ᠋ᠠᠭᠢ ᠳᠤᠭ᠎ᠠ ᠨᠢ ᠠᠳᠠᠯᠢᠬᠠᠨ᠂ ᠰᠡᠭᠦᠯ ᠤᠨ ᠭᠤᠷᠪᠠᠨ ᠣᠷᠤᠨ ᠳ᠋ᠠᠭᠢ ᠳᠤᠭ᠎ᠠ ᠨᠢ ᠳᠠᠷᠠᠭᠠᠯᠠᠭᠰᠠᠨ ᠭᠤᠷᠪᠠᠨ ᠪᠠᠢ᠌ᠭᠠᠯᠢ ᠳᠤᠭ᠎ᠠ ᠪᠣᠯᠤᠨ᠎ᠠ᠃ ᠡᠨᠡ ᠵᠢᠷᠭᠤᠭᠠᠨ ᠳᠤᠭᠠᠨ ᠤ ᠨᠠᠢ᠌ᠯᠠᠪᠣᠷᠢ ᠨᠢ ᠶᠠᠭ ᠰᠠᠢ᠌ᠬᠠᠨ ᠰᠡᠭᠦᠯ ᠤᠨ ᠬᠤᠶᠠᠷ ᠳᠤᠭ᠎ᠠ ᠪᠠᠷ ᠪᠦᠷᠢᠯᠳᠦᠭ᠍ᠰᠡᠨ ᠬᠤᠶᠠᠷ ᠣᠷᠤᠠᠳᠤ ᠳᠤᠭ᠎ᠠ ᠲᠡᠶ ᠳᠠᠩᠴᠠᠨᠠ᠃ ᠳᠡᠭᠡᠪᠠᠯ ᠡᠨᠡ ᠳ᠋ᠢᠶᠠᠩᠬᠤᠧᠨ ᠶᠢᠨ ᠨᠤᠮᠸᠷ ᠨᠢ
ᠠᠷᠪᠠᠨ ᠨᠢᠭᠡ᠂ ᠨᠢᠭᠡᠨ ᠣᠰᠤᠨ ᠣᠩᠭ᠋ᠤᠴᠠ ᠶᠢᠨ ᠪᠠᠭᠳᠠᠭᠠᠮᠵᠢ ᠨᠢ 100 ᠺᠦᠪ ᠮᠸᠲ᠋ᠷ᠃ ᠭᠦᠭᠡ ᠭᠦᠭᠡᠭ᠍ᠴᠢᠨ ᠬᠤᠶᠠᠷ ᠣᠰᠤ ᠣᠷᠤᠭᠤᠯᠬᠤ ᠬᠤᠭᠤᠯᠠᠢ ᠲᠡᠶ᠂ ᠨᠢᠭᠡ ᠣᠰᠤ ᠭᠠᠷᠭᠠᠬᠤ ᠬᠤᠭᠤᠯᠠᠢ ᠲᠡᠶ᠃ ᠭᠦᠭᠡ ᠭᠦᠭᠡᠭ᠍ᠴᠢᠨ ᠬᠤᠶᠠᠷ ᠣᠰᠤ ᠣᠷᠤᠭᠤᠯᠬᠤ ᠬᠤᠭᠤᠯᠠᠢ ᠳᠤᠰᠠᠭᠠᠷ ᠣᠰᠤᠨ ᠣᠩᠭ᠋ᠤᠴᠠ ᠶᠢ ᠳᠦᠭᠦᠷᠭᠡᠭᠦ ᠳᠤ ᠳᠤᠰᠪᠣᠷᠢ 10 ᠴᠠᠭ ᠪᠠ 15 ᠴᠠᠭ ᠭᠡᠷᠡᠭ᠍ᠰᠡᠨ᠎ᠡ᠃ ᠭᠡᠷᠪᠡ ᠣᠩᠭ᠋ᠤᠴᠠᠨ ᠳᠤ ᠣᠷᠢᠳᠤ ᠨᠢ ᠵᠢᠭᠠᠬᠠᠨ ᠣᠰᠤ ᠲᠡᠶ ᠪᠠᠢ᠌ᠭᠰᠠᠨ ᠪᠦᠭᠡᠤᠨ ᠬᠤᠶᠠᠷ ᠣᠰᠤ ᠣᠷᠤᠭᠤᠯᠬᠤ ᠬᠤᠭᠤᠯᠠᠢ ᠶᠢ ᠵᠡᠷᠭᠡᠪᠠᠷ ᠨᠡᠭᠡᠭᠡᠵᠤ ᠣᠰᠤ ᠣᠷᠤᠭᠤᠯᠬᠤ ᠶᠢᠨ ᠬᠠᠮᠳᠤ ᠪᠠᠰᠠ ᠤᠰᠤ ᠭᠠᠷᠭᠠᠬᠤ ᠬᠤᠭᠤᠯᠠᠢ ᠶᠢ ᠨᠡᠭᠡᠭᠡᠵᠤ ᠣᠰᠤ ᠶᠢ ᠳᠠᠯᠪᠢᠪᠠᠯ 6 ᠴᠠᠭ ᠤᠨ ᠳᠠᠷᠠᠭ᠎ᠠ ᠣᠩᠭ᠋ᠤᠴᠠᠨ ᠤ ᠣᠰᠤ ᠶᠢ ᠳᠠᠯᠪᠢᠵᠤ ᠳᠠᠭᠤᠰᠤᠨ᠎ᠠ᠃ ᠭᠡᠷᠪᠡ ᠭᠠᠭᠴᠠ ᠭᠦᠭᠡ ᠣᠰᠤ ᠣᠷᠤᠭᠤᠯᠬᠤ ᠬᠤᠭᠤᠯᠠᠢ ᠶᠢ ᠨᠡᠭᠡᠭᠡᠵᠤ ᠣᠰᠤ ᠣᠷᠤᠭᠤᠯᠬᠤ ᠶᠢᠨ ᠬᠠᠮᠳᠤ ᠣᠰᠤ ᠭᠠᠷᠭᠠᠬᠤ ᠬᠤᠭᠤᠯᠠᠢ ᠶᠢ ᠨᠡᠭᠡᠭᠡᠵᠤ ᠣᠰᠤ ᠳᠠᠯᠪᠢᠪᠠᠯ 2 ᠴᠠᠭ ᠲᠤ ᠣᠩᠭ᠋ᠤᠴᠠᠨ ᠤ ᠣᠰᠤ ᠶᠢ ᠳᠠᠯᠪᠢᠵᠤ ᠳᠠᠭᠤᠰᠤᠨ᠎ᠠ᠃ ᠳᠡᠭᠡᠪᠠᠯ ᠣᠰᠤᠨ ᠣᠩᠭ᠋ᠤᠴᠠᠨ ᠳᠤ ᠭᠡᠳᠦᠢ ᠺᠦᠪ ᠮᠸᠲ᠋ᠷ ᠣᠰᠤ ᠪᠠᠢ᠌ᠭᠰᠠᠨ ᠪᠣᠢ︖
ᠠᠷᠪᠠᠨ ᠬᠤᠶᠠᠷ᠂ ᠪᠢᠳᠠ3 ᠪᠠ 5᠂ 33 ᠪᠠ 35 ᠮᠠᠳᠤ ᠶᠢᠨ ᠬᠤᠶᠠᠷ ᠳᠤᠭ᠎ᠠ ᠶᠢ ᠳᠠᠷᠠᠭᠠᠯᠠᠭᠰᠠᠨ ᠬᠤᠶᠠᠷ ᠰᠤᠠᠳᠤᠭᠤᠢ ᠳᠤᠭ᠎ᠠ ᠭᠡᠨ᠎ᠡ᠃ ᠪᠠᠢ᠌ᠭᠠᠯᠢ ᠳᠤᠭ᠎ᠠ 1111155555 ᠨᠢ ᠳᠠᠷᠠᠭᠠᠯᠠᠭᠰᠠᠨ ᠬᠤᠶᠠᠷ ᠰᠤᠠᠳᠤᠭᠤᠢ ᠳᠤᠭᠠᠨ ᠤ ᠦᠷᠡᠵᠢᠪᠣᠷᠢ ᠪᠣᠯᠬᠤ ᠶᠢ ᠮᠠᠳᠠᠵᠠᠢ᠂ ᠳᠡᠭᠡᠪᠠᠯ ᠡᠨᠡ ᠬᠤᠶᠠᠷ ᠪᠠᠢ᠌ᠭᠠᠯᠢ ᠳᠤᠭᠠᠨ ᠤ ᠨᠠᠢ᠌ᠯᠠᠪᠣᠷᠢ ᠨᠢ
ᠠᠷᠪᠠᠨ ᠭᠤᠷᠪᠠ᠂ ᠨᠢᠭᠡᠨ ᠣᠳᠠᠭᠠᠨ ᠤ ᠰᠢᠳᠠᠷ᠎ᠠ ᠶᠢᠨ ᠣᠳᠤᠯᠳᠤᠭᠠᠨ ᠳᠤ 10 ᠭᠦᠮᠤᠨ ᠣᠷᠤᠯᠴᠠᠪᠠ᠃ ᠳᠠᠳᠠᠨᠤᠰ ᠳᠤᠰᠪᠣᠷᠢ ᠡᠨ᠂ ᠡ᠂ ᠡᠢ ᠭᠤᠷᠪᠠᠨ ᠳᠤᠭᠣᠢ᠌ᠯᠠᠩ ᠡᠴᠡ ᠢᠷᠡᠭ᠍ᠰᠡᠨ ᠪᠠᠢ᠌ᠨ᠎ᠠ᠃ ᠭᠦᠮᠤᠨ ᠪᠦᠷᠢ ᠪᠣᠰᠤᠳ 9 ᠭᠦᠮᠤᠨ ᠲᠡᠶ ᠳᠤᠰ ᠳᠤᠰ ᠨᠢᠭᠡ ᠣᠳᠠᠭ᠎ᠠ ᠣᠷᠤᠯᠳᠤᠨ᠎ᠠ᠃ ᠣᠷᠤᠯᠳᠤᠭᠠᠨ ᠪᠦᠷᠢ ᠳᠤ ᠢᠯᠠᠭᠰᠠᠨ ᠡᠳᠡᠭᠡᠤᠨ ᠲᠤ 1 ᠬᠤᠪᠢ ᠳᠡᠮᠳᠡᠭᠯᠡᠨ᠎ᠡ᠂ ᠢᠯᠠᠭᠳᠠᠭᠰᠠᠨ ᠡᠳᠡᠭᠡᠤᠨ ᠲᠤ 0 ᠬᠤᠪᠢ ᠳᠡᠮᠳᠡᠭᠯᠡᠨ᠎ᠡ᠂ ᠢᠯᠠᠵᠤ ᠢᠯᠠᠭᠳᠠᠬᠤ ᠨᠢ ᠢᠯᠭᠠᠷᠠᠭᠰᠠᠨ ᠦᠭᠡᠶ ᠪᠣᠯ ᠬᠤᠶᠠᠷ ᠡᠳᠡᠭᠡᠤᠨ ᠲᠤ ᠳᠤᠰᠪᠣᠷᠢ 0.5 ᠬᠤᠪᠢ ᠳᠡᠮᠳᠡᠭᠯᠡᠨ᠎ᠡ᠃ ᠣᠷᠤᠯᠳᠤᠭᠠᠨ ᠤ ᠳ᠋ᠦ᠋ᠩ ᠢ ᠳᠡᠭ᠍ᠰᠢᠦᠡᠭᠡᠭᠡᠤᠨ ᠡᠨ ᠳᠤᠭᠣᠢ᠌ᠯᠠᠩ ᠳᠤᠮᠳᠠᠴᠢ ᠪᠠᠷ ᠭᠦᠮᠤᠨ ᠪᠦᠷᠢ 4.5 ᠬᠤᠪᠢ᠂ ᠡ ᠳᠤᠭᠣᠢ᠌ᠯᠠᠩ ᠳᠤᠮᠳᠠᠴᠢ ᠪᠠᠷ ᠭᠦᠮᠤᠨ ᠪᠦᠷᠢ 3.6 ᠬᠤᠪᠢ᠂ ᠡᠢ ᠳᠤᠭᠣᠢ᠌ᠯᠠᠩ ᠳᠤᠮᠳᠠᠴᠢ ᠪᠠᠷ ᠭᠦᠮᠤᠨ ᠪᠦᠷᠢ 9 ᠬᠤᠪᠢ ᠣᠯᠪᠠ᠃ ᠳᠡᠭᠡᠪᠠᠯ ᠭᠤᠷᠪᠠᠨ ᠳᠤᠭᠣᠢ᠌ᠯᠠᠩ ᠡᠴᠡ ᠣᠷᠤᠯᠳᠤᠭᠠᠨ ᠳᠤ ᠣᠷᠤᠯᠴᠠᠭᠰᠠᠨ ᠭᠦᠮᠤᠨ ᠤ ᠳᠤᠭ᠎ᠠ ᠨᠢ ᠳᠤᠰᠪᠣᠷᠢ
ᠠᠷᠪᠠᠨ ᠳᠦᠷᠪᠡ᠂ 1 2 3 4 5 6 7 8 9 ᠪᠠᠷ ᠠᠩᠬᠠᠨ ᠤ ᠳᠤᠭ᠎ᠠ ᠪᠦᠷᠢᠯᠳᠦᠭᠦᠯᠦᠨ᠎ᠡ᠃ ᠳᠤᠭ᠎ᠠ ᠪᠦᠷᠢ ᠶᠢ ᠪᠦᠷ ᠭᠡᠷᠡᠭᠯᠡᠭᠦ ᠪᠦᠭᠡᠤᠨ ᠵᠥᠪᠭᠡᠨ ᠨᠢᠭᠡᠯᠡ ᠣᠳᠠᠭ᠎ᠠ ᠭᠡᠷᠡᠭᠯᠡᠵᠤ ᠪᠣᠯᠬᠤ ᠨᠥᠭᠦᠴᠡᠯ ᠳᠤᠤᠷ᠎ᠠ ᠬᠠᠮᠤᠭ ᠠᠷᠪᠢᠨ ᠳᠠᠭᠠᠨ ᠭᠡᠳᠤᠨ ᠠᠩᠬᠠᠨ ᠤ ᠳᠤᠭ᠎ᠠ ᠪᠦᠷᠢᠯᠳᠦᠭᠦᠯᠵᠤ ᠳᠡᠢ᠌ᠯᠭᠦ ᠪᠣᠢ︖
(ᠯᠠᠪᠯᠠᠬᠤ ᠬᠠᠷᠢᠭᠤᠯᠳᠠ᠄ ᠨᠢᠭᠡ 1/2 ; ᠬᠤᠶᠠᠷ 79 ; ᠭᠤᠷᠪᠠ 1093 ; ᠳᠦᠷᠪᠡ 9 ; ᠳᠠᠪᠣ 71.5 ;ᠢ᠌ᠷᠭᠤᠭᠠ 14 ; ᠳᠤᠯᠤᠭ᠎ᠠ 75; ᠨᠢ᠋ᠮᠠ ; ᠶᠢᠰᠤ 155 ; ᠠᠷᠪᠠ 555321; ᠠᠷᠪᠠᠨ ᠨᠢᠭᠡ 20 ; ᠠᠷᠪᠠᠨ ᠬᠤᠶᠠᠷ 66668 ; ᠠᠷᠪᠠᠨ ᠭᠤᠷᠪᠠ 4 , 5 , 1 ; ᠠᠷᠪᠠᠨ ᠳᠦᠷᠪᠡ 6)
ᠢᠷᠡᠯᠲᠡ᠄ ᠳᠤᠰ ᠰᠦᠯᠵᠢᠶ᠎ᠠ
ᠬᠠᠷᠢᠶ᠎ᠠ᠄
ᠰᠤᠷᠤᠭᠴᠢ ᠶᠢᠨ ᠳᠠᠪᠴᠠᠩᠳᠠᠷᠤᠮ᠄ 4365
ᠴᠠᠭ᠄ 2005 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ