ᠨᠡᠪᠲᠡᠷᠡᠨ ᠤᠷᠤᠬᠤ
ᠬᠠᠢ᠌ᠷ᠎ᠠ ᠶᠢᠨ ᠭᠤᠶᠤ ᠮᠦᠷᠦᠭᠡᠳᠦᠯ

ᠣᠷᠢᠳᠤ ᠰᠦᠨᠢ ᠶᠢᠨ ᠵᠡᠭᠦᠳᠤ ᠡᠴᠠ ᠨᠢᠭᠡᠨ ᠣᠴᠢᠷ ᠢ ᠣᠬᠠᠷᠠᠪᠠ᠂

ᠣᠴᠠᠷᠠᠨ ᠵᠤᠯᠭᠠᠬᠤ ᠢᠷᠦᠭᠡᠯ ᠭᠡᠵᠤ ᠦᠨᠡᠨ ᠪᠠᠢ᠌ᠬᠤ ᠶᠤᠮ ᠪᠠᠢ᠌ᠪᠠ᠃

ᠣᠳᠠᠭᠠᠨ ᠣᠨ ᠤ ᠭᠤᠨᠢᠷᠬᠠᠭᠯᠠᠯ ᠡᠴᠠ ᠬᠤᠷᠤᠮᠬᠠᠨ ᠵᠠᠭᠤᠷ᠎ᠠ ᠠᠩᠵᠢᠷᠠᠪᠠ᠂

ᠣᠯᠠᠭᠠᠨ ᠣᠳᠠᠰᠤᠨ ᠤ ᠬᠤᠯᠪᠣᠭ᠎ᠠ ᠭᠡᠵᠤ ᠬᠠᠷᠠᠬᠤ ᠶᠢᠨ ᠊ᠭ᠍ᠱᠡᠨ ᠢᠯᠠᠷᠠᠪᠠ᠃

ᠳᠦᠭᠦᠭᠡ ᠣᠷᠤᠬᠤᠢ ᠨᠠᠰᠤᠨ ᠡᠴᠠ ᠬᠠᠯᠠᠰᠢᠷᠠᠯ ᠦᠭᠡᠶ ᠠᠶᠠᠯᠠᠪᠠ᠂

ᠲᠦᠮᠡ ᠮᠢᠩᠭ᠎ᠠ ᠶᠢᠨ ᠳᠤᠮᠳᠠ ᠡᠴᠠ ᠠᠮᠠᠷᠠᠭ ᠬᠤᠩᠭ᠋ᠤᠷ ᠶᠢᠡᠨ ᠰᠤᠷᠠᠭᠯᠠᠪᠠ᠃

ᠳᠦᠭᠡᠷᠢᠭ᠍ᠳᠡᠨ ᠳᠡᠨᠦᠭᠦᠴᠢᠯᠡᠨ ᠶᠠᠪᠣᠭᠰᠠᠭᠠᠷ ᠳᠡᠭᠦᠨ ᠯᠦᠭᠡ ᠣᠴᠠᠷᠠᠪᠠ᠂

ᠲᠦᠨᠡᠷ ᠬᠠᠷᠠᠩᠭ᠋ᠤᠢ ᠠᠷᠢᠯᠤᠨ ᠦᠷ ᠤᠨ ᠭᠡᠭᠡ ᠴᠠᠢ᠌ᠷᠠᠪᠠ᠃

ᠭᠦᠭ᠍ᠰᠡᠭᠦ ᠰᠡᠳᠭᠢᠯ ᠳᠤᠭᠳᠤᠯᠤᠨ ᠵᠢᠭᠦᠷ ᠣᠷᠭᠤᠨ ᠨᠢᠰᠪᠠ᠂

ᠭᠦᠭ᠍ᠵᠢᠭᠦ ᠡᠷᠡᠨ ᠢ ᠭᠦᠭᠡᠭᠡᠴᠡᠯᠳᠤᠨ ᠰᠡᠳᠭᠢᠯ ᠤᠨ ᠬᠠᠢ᠌ᠷ᠎ᠠ ᠪᠠᠨ ᠰᠢᠯᠦᠭᠯᠡᠪᠡ᠃

ᠭᠦᠰᠡᠯᠡᠩ ᠤᠨ ᠣᠮᠤᠭ ᠪᠠᠳᠠᠷᠠᠨ ᠭᠦᠮᠤᠨ ᠪᠠᠢ᠌ᠭᠠᠯᠢ ᠶᠢ ᠣᠶᠠᠩᠭ᠋ᠠᠯᠠᠪᠠ᠂

ᠭᠦᠯᠦᠭ᠌ ᠤᠨ ᠵᠢᠯᠤᠭᠤ ᠰᠤᠩᠭ᠋ᠠᠨ ᠬᠤᠯᠪᠣᠭ᠎ᠠ ᠪᠦᠷᠭᠦᠤᠨ ᠶᠢᠡᠷ ᠵᠤᠷᠴᠢᠪᠠ᠃


ᠵᠤᠬᠢᠶᠠᠭᠴᠢ ᠶᠢᠨ ᠬᠠᠶ‍ᠢᠭ᠄ ᠭᠦᠷᠢᠶ᠎ᠡ ᠬᠤᠰᠢᠭᠤ ᠪᠠᠶᠠᠠᠬᠤᠧᠨ ᠰᠤᠮᠤ ᠭᠦᠡᠳᠦᠢ ᠭᠠᠴᠠᠭ᠎ᠠ3 ᠳ᠋ᠤᠭᠠᠷ ᠳᠤᠭᠣᠢ᠌ᠯᠠᠩ

ᠵᠤᠬᠢᠶᠠᠭᠴᠢ᠄ ᠪᠦᠷᠢᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 08 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ