ᠨᠡᠪᠲᠡᠷᠡᠨ ᠤᠷᠤᠬᠤ
ᠡᠪᠦᠯ ᠤᠨ ᠰᠦᠨᠢ

ᠳᠤᠩ ᠴᠠᠭᠠᠨ ᠴᠠᠰᠤ

ᠳᠤᠪ ᠳᠤᠭᠤᠢ ᠪᠠᠭᠤᠨ᠎ᠠ

ᠳᠤᠷᠠᠯᠠᠭᠰᠠᠨ ᠪᠦᠭᠦᠨ ᠳᠡᠭᠡᠷ᠎ᠡ ᠪᠠᠨ

ᠬᠠᠢ᠌ᠷ᠎ᠠ ᠨᠠᠢ᠌ᠷ ᠦᠭᠡᠶ ᠯᠠᠪᠰᠠᠯᠠᠨ᠎ᠠ

ᠥᠩᠭᠡᠷᠡᠭ᠍ᠰᠡᠨ ᠵᠢᠯ ᠤᠨ ᠰᠢᠷᠤᠢ ᠳᠤᠭᠤᠰᠤ ᠶᠢ

ᠭᠦᠪᠢᠵᠤ ᠯᠠᠪᠰᠠᠯᠠᠨ᠎ᠠ

ᠢᠷᠡᠭ᠍ᠴᠢ ᠵᠢᠯ ᠤᠨ ᠰᠠᠢ᠌ᠨ ᠰᠠᠢ᠌ᠬᠠᠨ ᠢ

ᠪᠠᠯᠭᠡᠳᠡᠵᠤ ᠯᠠᠪᠰᠠᠯᠠᠨ᠎ᠠ

ᠬᠤᠳᠠᠨ ᠳ᠋ᠠᠭᠢ ᠬᠤᠨᠢᠳ

ᠭᠡᠪᠢᠯᠡᠭᠡ ᠠᠪᠤᠨ ᠠᠨᠢᠷᠠᠯᠠᠨ᠎ᠠ

ᠬᠤᠯᠠ ᠶᠢᠨ ᠳᠡᠭ᠍ᠷᠢ ᠳ᠋ᠤ

ᠣᠳᠤᠳ ᠠᠨᠢᠪᠴᠢᠨ᠎ᠠ

ᠡ᠊ᠨᠳᠡ ᠡᠴᠠ ᠳᠠᠠᠳᠠ

ᠴᠠᠪ ᠴᠠᠭᠠᠨ ᠪᠣᠯᠵᠤ ᠴᠠᠢ᠌ᠷᠠᠨ᠎ᠠ

ᠡᠭᠦᠨ ᠡᠴᠠ ᠳᠡᠭᠦᠨ ᠳᠤ

ᠬᠤᠪ ᠬᠤᠯᠠ ᠪᠣᠯᠵᠤ ᠦᠷᠭᠦᠯᠵᠢᠯᠡᠨ᠎ᠡ

ᠳᠡᠷᠳᠡᠭᠡ ᠠᠭᠤᠯᠠ ᠮᠢᠨᠢ ᠥᠵᠡᠭ᠍ᠳᠡᠭᠦ ᠪᠠᠨ ᠪᠠᠢ᠌ᠭᠠᠤᠨ

ᠳᠠᠠᠵᠢ ᠶᠢᠨ ᠰᠠᠭᠠᠬᠠᠯᠳᠠ ᠮᠢᠨᠢ ᠨᠡᠭᠦᠴᠢᠭᠡᠭ᠍ᠰᠡᠨ ᠰᠢᠭ᠌

ᠬᠤᠨᠤᠭ ᠡᠳᠦᠷ ᠡᠭᠡᠯᠵᠢᠯᠡᠭᠦ ᠪᠠᠨ ᠮᠠᠷᠳᠠᠭᠠᠤᠨ

ᠬᠤᠷᠸ᠎ᠠ ᠳᠡᠯᠡᠭᠡᠢ ᠬᠤᠭᠤᠰᠤᠷᠠᠴᠢᠬᠠᠭᠰᠠᠨ ᠴᠤ ᠰᠢᠭ

ᠬᠠᠶᠠ ᠬᠠᠶᠠ ᠨᠤᠬᠠᠤᠨ

ᠠᠨᠢᠷ ᠠᠪᠤᠨ ᠬᠤᠴᠠᠭᠠᠤᠨ

ᠬᠠᠷᠠᠩᠭ᠋ᠤᠢ ᠰᠦᠨᠢ ᠨᠢᠭᠡ ᠯᠠ ᠠᠮᠤᠭᠤᠯᠠᠩ︕


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠰᠠᠯᠪᠣᠷᠢ ᠶᠢᠨ 2010 ᠣᠨ ᠤ ᠣᠶᠤᠳᠠᠨ

ᠵᠤᠬᠢᠶᠠᠭᠴᠢ᠄ ᠤᠳᠦᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2011 ᠤᠨ ᠤ 04 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ