ᠨᠡᠪᠲᠡᠷᠡᠨ ᠤᠷᠤᠬᠤ
ᠠᠩᠬᠠᠨ ᠤ ᠰᠦᠨᠢ
᠊᠊᠊᠊᠊᠊᠊᠊᠊᠊᠊᠊᠊᠊᠊ ᠭᠠᠭᠴᠠᠭᠠᠷ ᠣᠩᠰᠢᠬᠤ ᠰᠢᠯᠦᠭ᠌

ᠰᠠᠯᠭᠢᠨ ᠤ ᠠᠭᠠᠰᠢ ᠶᠢ ᠭᠡᠵᠢᠭᠡᠨ ᠡᠴᠡ ᠴᠢᠨᠢ ᠰᠠᠮᠨᠠᠨ ᠬᠤᠷᠤᠭᠤᠨ ᠳᠤ ᠪᠠᠨ ᠵᠡᠭᠦᠯᠭᠡᠯ᠎ᠡ

ᠰᠠᠷᠠᠨ ᠤ ᠠᠮᠳᠠ ᠶᠢ ᠣᠷᠤᠭᠤᠯ ᠡᠴᠡ ᠴᠢᠨᠢ ᠰᠢᠮᠠᠨ ᠭᠡᠯᠡᠨ ᠳᠤ ᠪᠠᠨ ᠠᠮᠳᠠᠯᠠᠯ᠎ᠠ

ᠰᠠᠢ᠌ᠬᠠᠨ ᠦᠳᠡᠰᠢ ᠶᠢ ᠬᠠᠷᠠᠴᠠᠨ ᠳᠤ ᠴᠢᠨᠢ ᠬᠤᠨᠤᠭᠠᠨ ᠭᠡᠷᠡᠯ ᠡᠴᠡ ᠬᠠᠷᠠᠮᠨᠠᠯ᠎ᠠ

ᠰᠠᠷᠠᠨᠠᠢ ᠴᠡᠴᠡᠭ᠌ ᠤᠨ ᠦᠨᠦᠷ ᠲᠤ ᠰᠤᠭᠳᠤᠨ ᠣᠳᠤᠳ ᠭᠠᠵᠠᠷ ᠲᠤ ᠠᠰᠬᠠᠷᠠᠯ᠎ᠠ


ᠭᠦᠷᠮᠡᠨ ᠤ ᠳᠤᠪᠴᠢᠰ ᠠᠯᠳᠠᠷᠠᠬᠤ ᠴᠢᠮᠡᠭᠡ ᠪᠠᠷ ᠰᠦᠨᠢ ᠢᠴᠢᠨ ᠨᠢᠳᠤ ᠪᠠᠨ ᠠᠨᠢᠯ᠎ᠠ

ᠭᠦᠷᠡᠩ ᠵᠢᠷᠦᠭᠡᠨ ᠤ ᠰᠢᠪᠠᠨᠡᠭᠡ ᠴᠢᠩᠨᠠᠨ ᠰᠢᠭᠦᠳᠡᠷᠢ ᠭᠦᠯᠦᠷᠡᠵᠤ ᠨᠢᠭᠤᠷ ᠶᠢᠡᠨ ᠪᠦᠳᠡᠭᠡᠯ᠎ᠡ

ᠭᠡᠦᠭᠡᠨ ᠳᠠᠯᠪᠢ ᠶᠢᠨ ᠵᠠᠳᠠᠷᠠᠬᠤ ᠠᠨᠢᠷ ᠶᠢᠡᠷ ᠡᠭᠦᠯᠡᠰ ᠢᠷᠠᠭᠳᠠᠨ ᠶ‍ᠢᠷᠳᠢᠠᠴᠤ ᠴᠤᠭᠤᠷᠤᠯ᠎ᠠ

ᠭᠦᠮᠤᠨ ᠶᠤᠰᠤᠨ ᠤ ᠨᠢᠭᠤᠴᠠ ᠰᠡᠭᠦᠭ᠍ᠳᠡᠨ ᠡᠮᠨᠢᠭ᠌ ᠪᠠᠶ᠎ᠠ ᠪᠠᠨ ᠴᠡᠴᠡᠭ᠌ ᠳᠡᠭᠡᠷ᠎ᠡ ᠭᠡᠭᠡᠯ᠎ᠡ


ᠵᠤᠨ ᠤ ᠥᠩᠭᠡ ᠶᠢ ᠨᠤᠭᠤᠭᠠᠨ ᠶᠢᠡᠷ ᠨᠢ ᠬᠠᠳᠠᠭᠠᠯᠠᠨ ᠠᠯᠴᠢᠭᠤᠷ ᠶᠢᠡᠨ ᠪᠣᠳᠤᠯ᠎ᠠ

ᠵᠠᠭᠤᠷᠠᠳᠤ ᠶᠢᠨ ᠵᠢᠷᠭᠠᠯ ᠶᠢᠡᠨ ᠭᠡᠭᠡᠷ᠎ᠡ ᠡᠴᠡ ᠳᠡᠭᠦᠨ ᠰᠡᠳᠭᠢᠯ ᠳᠤ ᠪᠠᠨ ᠳᠠᠷᠢᠯ᠎ᠠ

ᠵᠢᠷᠤᠭ ᠤᠨ ᠨᠢᠴᠦᠭᠦᠨ ᠪᠠᠶ᠎ᠠ ᠶᠢ ᠴᠢᠨᠢ ᠳᠠᠪᠠᠷᠢᠨ ᠪᠣᠯᠭᠢᠯᠠᠭᠰᠠᠨ ᠵᠢᠷᠦᠭᠡ ᠪᠠᠨ ᠠᠷᠭᠠᠳᠠᠯ᠎ᠠ

ᠵᠡᠭᠦᠳᠤᠨ ᠭᠤᠸ᠎ᠠ ᠵᠢᠰᠤᠨ ᠳᠤ ᠴᠢᠨᠢ ᠣᠨᠠᠨ ᠳᠤᠷᠠᠯᠠᠯ ᠤᠨ ᠴᠢᠯᠠᠭᠤᠨ ᠳᠤ ᠪᠦᠳᠦᠷᠢᠯ᠎ᠡ


ᠬᠠᠢ᠌ᠷ᠎ᠠ ᠶᠢᠨ ᠢᠯᠴᠢᠨ ᠳᠤ ᠭᠠᠷ ᠶᠢᠡᠨ ᠳᠦᠭᠡᠨᠡᠭᠦᠯᠵᠤ ᠭᠡᠭᠡ ᠶᠢ ᠮᠠᠷᠳᠠᠨ ᠨᠢᠯᠬᠠᠷᠠᠯ᠎ᠠ

ᠬᠠᠨᠢ ᠶᠢᠨ ᠵᠠᠶᠠᠭᠠᠨ ᠳᠤ ᠨᠠᠰᠤ ᠪᠠᠨ ᠴᠢᠮᠠᠯᠠᠨ ᠴᠠᠭ ᠢ ᠣᠶᠠᠮᠠᠷ ᠰᠠᠨᠠᠭᠳᠠᠯ᠎ᠠ

ᠬᠠᠯᠠᠭᠤᠨ ᠢᠨᠠᠭ ᠤᠨ ᠭᠠᠯ ᠳᠤ ᠬᠠᠢ᠌ᠯᠵᠤ ᠳᠦᠳᠡᠭ᠌ ᠪᠣᠯᠤᠨ ᠨᠤᠴᠤᠯ᠎ᠠ

ᠬᠠᠷᠠᠩᠭ᠋ᠤᠢ ᠶᠢᠨ ᠳᠤᠮᠳᠠ ᠬᠤᠶᠠᠭᠤᠯᠬᠠᠨ ᠳᠤᠭᠳᠤᠯᠤᠨ ᠳᠤᠯᠪᠣ ᠪᠣᠯᠤᠨ ᠠᠭᠤᠰᠤᠯ᠎ᠠ ᠁



ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠣᠯᠠᠭᠠᠨ ᠰᠢᠶᠠᠨ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2686
ᠴᠠᠭ᠄ 2012 ᠤᠨ ᠤ 11 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ