☆ ᠭᠢᠶᠠᠨ ᠠᠵᠢᠨᠠᠢ
ᠪᠢ ᠰᠢᠯᠦᠭ᠌ ᠪᠢᠴᠢᠳᠡᠭ᠌ ᠪᠢᠯᠠ
ᠪᠣᠭᠳᠠ ᠴᠢᠩᠭᠢᠰ ᠤᠨ ᠪᠢᠯᠢᠭ᠌ ᠰᠤᠷᠭᠠᠯ ᠡᠴᠠ ᠣᠶᠤᠨ ᠣᠭᠵᠢᠵᠤ
ᠪᠣᠷᠬᠠᠨ ᠬᠠᠯᠳᠤᠨ ᠤ ᠰᠢᠳᠦᠭᠡᠨ ᠳᠡᠭ᠍ᠷᠢ ᠡᠴᠠ ᠭᠦᠴᠤᠨ ᠭᠤᠶᠤᠵᠤ
ᠪᠣᠰᠤᠭ᠎ᠠ ᠦᠰᠦᠭ᠌ ᠤᠨ ᠳᠠᠮᠢᠷ ᠭᠦᠴᠤᠨ ᠡᠴᠠ ᠪᠢᠯᠢᠭ᠌ ᠴᠢᠩᠭ᠋ᠠᠯᠠᠵᠤ
ᠪᠠᠶᠠᠨ ᠮᠤᠩᠭ᠋ᠤᠯ ᠤᠨ ᠴᠠᠴᠠᠨ ᠣᠬᠠᠭᠠᠨ ᠶᠢᠡᠷ ᠤᠶᠠᠩᠭ᠎ᠠ ᠵᠢᠷᠭᠢᠭᠦᠯᠵᠤ
ᠪᠢ ᠰᠢᠯᠦᠭ᠌ ᠪᠢᠴᠢᠳᠡᠭ᠌ ᠪᠢᠯᠠ
ᠶᠢᠰᠤᠨ ᠭᠦᠭᠦᠯᠳᠤ ᠰᠦᠯᠳᠡ ᠳᠤᠭ ᠲᠠᠭᠠᠨ ᠭᠡᠢ ᠮᠤᠷᠢ ᠬᠤᠷᠣᠢ᠌ᠯᠠᠵᠤ
ᠶᠢᠰᠦᠭᠡᠢ ᠪᠠᠭᠠᠳᠤᠷ ᠤᠨ ᠭᠦᠪᠠᠭᠦᠤᠨ ᠦᠬᠢᠳ ᠲᠡᠭᠡᠨ ᠭᠡᠰᠢᠭ᠌ ᠪᠣᠶᠠᠨ ᠲ᠋ᠠᠯᠤᠯᠠᠵᠤ
ᠡᠯᠢᠭᠡ ᠪᠦᠳᠤᠨ ᠭᠦᠮᠤᠨ ᠵᠤᠨ ᠳᠠᠭᠠᠨ ᠠᠵᠠ ᠵᠢᠷᠭᠠᠯ ᠳᠠᠭᠠᠳᠬᠠᠵᠤ
ᠡᠪ ᠨᠢᠭᠡᠳᠡᠢ ᠠᠬ᠎ᠠ ᠳᠡᠭᠦᠦᠰ ᠲᠡᠭᠡᠨ ᠡᠷᠡᠭᠦᠯ ᠡᠩᠭᠡ ᠭᠦᠰᠡᠵᠤ
ᠪᠢ ᠰᠢᠯᠦᠭ᠌ ᠪᠢᠴᠢᠳᠡᠭ᠌ ᠪᠢᠯᠠ
ᠬᠤᠯᠠᠨ ᠰᠢᠷᠭᠠᠯ ᠠᠳᠤᠭᠤᠳ ᠤᠨ ᠣᠷᠠᠨ ᠦᠷᠰᠡᠭᠡ ᠳᠠᠭᠤᠳᠠᠵᠤ
ᠭᠦᠭᠡ ᠳᠠᠯᠠᠳᠤ ᠴᠢᠨ᠋ᠸ᠎ᠠ ᠶᠢᠨ ᠰᠢᠷᠦᠭᠦᠨ ᠣᠯᠢᠯᠳᠠ ᠴᠢᠩᠨᠠᠵᠤ
ᠬᠤᠯᠠᠭᠢ ᠳᠡᠷᠭᠡᠯ ᠨᠤᠳᠤᠭ ᠵᠢᠡᠨ ᠵᠡᠭᠦᠳᠦᠨ ᠳᠤᠮᠳᠠ ᠪᠠᠨ ᠥᠭᠡᠢ᠌ᠯᠡᠵᠤ
ᠭᠦᠳᠡᠭᠡ ᠶᠢᠨ ᠰᠦ᠋ ᠲᠡᠶ ᠰᠠᠯᠭᠢᠨ ᠳᠠᠭᠠᠨ ᠬᠠᠨᠤᠳᠠᠯ᠎ᠠ ᠨᠢᠭᠡ ᠥᠨᠦᠰᠦᠭᠦᠯᠵᠤ
ᠪᠢ ᠰᠢᠯᠦᠭ᠌ ᠪᠢᠴᠢᠳᠡᠭ᠌ ᠪᠢᠯᠡ
《ᠮᠤᠩᠭ᠋ᠤᠯ᠂ ᠮᠤᠩᠭ᠋ᠤᠯ ᠳᠠᠭᠠᠨ ᠮᠠᠭᠤ》 ᠭᠡᠮᠡᠨ ᠶᠤᠵᠤᠳᠠᠢ ᠱᠤᠤᠭᠢᠯᠳᠤᠵᠤ
ᠮᠦᠰᠤ ᠰᠤᠯᠠᠷᠠᠨ ᠳᠠᠷᠢᠭᠢ ᠭᠠᠰᠢᠯᠭᠠᠬᠤ ᠵᠢᠨ ᠣᠷᠤᠨ ᠳ᠋ᠤ
《ᠮᠤᠩᠭ᠋ᠤᠯ ᠮᠢᠨᠢ᠂ ᠮᠤᠩᠭ᠋ᠤᠯ ᠶᠢᠡᠷ ᠶᠢᠡᠨ ᠪᠠᠢ᠌ᠭᠠᠰᠠᠢ ︕》 ᠭᠡᠵᠤ
ᠮᠢᠬ᠎ᠠ ᠶᠠᠰᠤᠨ ᠳᠠᠭᠠᠨ ᠣᠷᠤᠳᠠᠯ᠎ᠠ ᠮᠤᠩᠭ᠋ᠤᠯ ᠵᠠᠶᠠᠭ᠎ᠠ ᠳᠠᠮᠠᠭᠠᠯᠠᠵᠤ
ᠪᠢ ᠰᠢᠯᠦᠭ᠌ ᠪᠢᠴᠢᠳᠡᠭ᠌ ᠪᠢᠯᠡ
ᠠᠮᠢᠨ ᠬᠠᠢ᠌ᠷ᠎ᠠ ᠲᠡᠶ 《ᠮᠤᠩᠭ᠋ᠤᠯ ᠳᠠᠷᠢᠶ᠎ᠠ》 * ᠪᠠᠨ
ᠦᠨᠢ ᠡᠭᠦᠷᠢ ᠭᠠᠩᠳᠠᠭᠤᠯᠵᠤ ᠬᠤᠷᠤᠬᠠᠢ᠌ᠳᠠᠭᠤᠯᠬᠤ ᠦᠭᠡᠶ ᠭᠡᠵᠤ
ᠡᠪᠳᠡᠭ᠍ᠳᠡᠨ ᠡᠯᠡᠰᠦᠷᠡᠭ᠍ᠵᠢᠵᠤ ᠪᠠᠢ᠌ᠭ᠎ᠠ ᠪᠠᠯᠴᠢᠭᠡᠷ ᠣᠰᠤᠨ ᠳ᠋ᠠᠭᠠᠨ
ᠡᠭᠦᠯᠡᠰ ᠡᠴᠠ ᠱᠠᠭᠢᠭᠰᠠᠨ ᠪᠣᠷᠤᠭᠠᠨ ᠪᠣᠯᠵᠤ ᠡᠭᠦᠷᠢᠳᠡ ᠰᠢᠪᠠᠷᠢᠭᠦ ᠭᠡᠵᠤ
ᠪᠢ ᠰᠢᠯᠦᠭ᠌ ᠪᠢᠴᠢᠳᠡᠭ᠌ ᠪᠢᠯᠠ
ᠭᠦᠨᠡᠢ᠌ᠭᠡᠷᠡᠵᠤ ᠪᠣᠯᠳᠠᠭ ᠥᠭᠡᠢ ᠬᠤᠷᠮᠦᠢ ᠨᠤᠭᠤᠭᠠᠨ ᠳᠠᠯ᠎ᠠ ᠪᠠᠨ
ᠬᠠᠭᠠᠨ ᠰᠠᠭᠤᠳᠠᠯ ᠶᠢᠡᠷ ᠴᠤ ᠰᠤᠯᠢᠬᠤ ᠦᠭᠡᠶ ᠭᠡᠵᠤ
ᠣᠠᠳᠠᠷᠠᠵᠤ ᠪᠣᠯᠤᠰᠢ ᠦᠭᠡᠶ ᠦᠪ ᠰᠤᠶᠤᠯ ᠤᠨ ᠣᠩᠭ᠋ᠤᠨ ᠭᠠᠯ ᠵᠢᠠᠨ
ᠦᠶ᠎ᠡ ᠶᠢᠨ ᠦᠶ᠎ᠡ ᠳᠡᠭᠡᠨ ᠪᠠᠳᠠᠷᠭᠠᠨ ᠴᠠᠭᠢᠬᠤ ᠭᠡᠵᠤ
ᠪᠢ ᠰᠢᠯᠦᠭ᠌ ᠪᠢᠴᠢᠳᠡᠭ᠌ ᠪᠢᠯᠠ
ᠭᠠᠩᠭ᠋ᠠᠩ ᠰᠠᠷᠠᠨ ᠤ ᠰᠦᠨ ᠳᠤᠶᠠᠭ᠎ᠠ ᠵᠢᠭᠡᠯᠡᠵᠤ
ᠭᠠᠷᠬᠠᠨ ᠴᠡᠩᠭᠡᠷ ᠡᠭᠡ ᠣᠷᠤᠨ ᠤ ᠭᠡᠭᠡᠨ ᠮᠠᠯᠠᠮᠠᠢ ᠠᠷᠴᠢᠵᠤ
ᠭᠠᠠᠳᠤᠰᠢ ᠦᠭᠡᠶ ᠰᠠᠢ᠌ᠬᠠᠨ ᠠᠯᠳᠠᠷ ᠢ ᠨᠢ ᠬᠠᠢ᠌ᠷ᠎ᠠ ᠪᠠᠷ ᠮᠠᠨᠠᠵᠤ
ᠭᠠᠯᠪᠠ ᠶᠢᠨ ᠵᠤᠯᠠᠢ ᠳᠤ ᠦᠨᠢᠳᠠ ᠊ᠭ᠍᠊ᠭᠢᠷᠳᠡᠭᠦ ᠦᠭᠡᠶ ᠮᠥᠩᠭᠡᠯᠡᠭᠦ ᠭᠡᠵᠤ
ᠪᠢ ᠰᠢᠯᠦᠭ᠌ ᠪᠢᠴᠢᠳᠡᠭ᠌ ᠪᠢᠯᠠ
ᠵᠤᠬᠢᠶᠠᠭᠴᠢ ᠶᠢᠨ ᠬᠠᠶᠢᠭ ᠄ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ
ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2666
ᠴᠠᠭ᠄ 2012 ᠤᠨ ᠤ 06 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ