☆ ᠬᠠᠷᠠᠨᠤᠳ ᠳᠦᠷᠤ ᠵᠠᠶᠠᠭ᠎ᠠ
ᠵᠡᠭᠦᠳᠤᠨ ᠤ ᠣᠷᠴᠢᠨ
ᠵᠢᠷᠦᠭᠡᠨ ᠡᠴᠡ ᠵᠢᠷᠭᠢᠭ᠍ᠰᠡᠨ ᠭᠦᠭᠡ ᠰᠦᠨᠠᠰᠤ
ᠵᠢᠰᠤ ᠥᠵᠡᠭᠦ ᠳᠤᠯᠢᠨ ᠤ ᠴᠠᠭᠠᠨ᠎ᠠ ᠨᠢᠭᠤᠭᠳᠠᠪᠠ
ᠳᠠᠷᠠ ᠮᠠᠨᠢ ᠵᠢᠰᠤᠨ ᠪᠣᠯᠵᠤ ᠬᠠᠷᠠᠭᠳᠠᠨ᠎ᠠ᠂
ᠵᠡᠭᠦᠳᠤᠨ ᠡᠴᠡ ᠪᠣᠰᠤᠭᠰᠠᠨ ᠬᠠᠷᠠᠩᠭ᠋ᠤᠢ
ᠠᠳᠠᠷᠮᠠ ᠲᠡᠶ ᠠᠮᠢᠳᠤᠷᠠᠯ ᠤᠨ ᠦᠨᠡᠨ ᠢ ᠥᠭᠦᠯᠡᠵᠤ
ᠰᠡᠭᠦᠳᠡᠷᠯᠢᠭ᠌ ᠬᠠᠨᠢ ᠶᠢᠨ ᠵᠠᠶᠠᠭ᠎ᠠ ᠶᠢ ᠢᠷᠦᠭᠡᠵᠡᠢ ᠂
ᠰᠠᠨᠠᠭᠰᠠᠨ ᠰᠠᠨᠠᠭ᠎ᠠ ᠭᠡᠮᠡᠨ᠎ᠡ
ᠵᠢᠷ ᠤᠨ ᠡᠭᠡᠯ ᠨᠢᠭᠡᠨ ᠦᠴᠦᠭᠡᠨ ᠵᠠᠢ ᠳ᠋ᠤ
ᠴᠢᠨᠤᠭᠢ ᠪᠠᠰᠠ ᠮᠢᠨᠤᠭᠢ ᠡᠩᠭᠡ ᠶᠢᠨ ᠰᠡᠳᠭᠢᠯ ᠣᠷᠤᠰᠢᠯᠠ᠂
ᠣᠢ ᠣᠬᠠᠭᠠᠨ ᠳᠤ ᠰᠢᠩᠭᠡᠭ᠍ᠰᠡᠨ
ᠣᠷᠴᠢᠯᠠᠩ ᠤᠨ ᠪᠣᠷᠤ ᠣᠯᠠᠭᠠᠨ ᠳᠤᠭᠤᠰᠤᠨ
ᠦᠨᠡᠨ ᠪᠠᠰᠠ ᠬᠤᠳᠠᠯ ᠢ ᠦᠷᠴᠢᠯᠡᠭᠡᠰᠤ ᠭᠡᠮᠡᠨ
ᠦᠨᠳᠠᠢ᠌ᠵᠤ ᠪᠣᠰᠤᠭᠰᠠᠨ ᠪᠣᠳᠤᠯ ᠤᠨ ᠪᠣᠳᠤᠯ ᠳᠤ ᠥᠯᠡᠳᠡᠭᠡᠪᠡ᠂
ᠣᠢ ᠭᠠᠰᠢᠭᠤᠨ ᠳᠡᠦᠭᠡ ᠳᠡᠭᠦᠨ ᠳᠤ ᠦᠯᠠᠳᠠᠪᠠ ᠦᠦ︕
ᠪᠣᠷᠤᠭᠠᠨ ᠲᠡᠶ ᠣᠯᠠᠷᠢᠯ ᠤᠨ ᠳᠡᠭ᠍ᠷᠢ ᠴᠡᠯᠮᠡᠭᠦ ᠰᠢᠭ᠌
ᠪᠣᠷᠤᠭᠤ ᠵᠦᠪ ᠤᠨ ᠵᠠᠮ ᠢ ᠬᠠᠢ᠌ᠵᠤ
ᠠᠶᠤᠮᠠᠬᠠᠢ ᠨᠢᠭᠡ ᠨᠢ ᠮᠥᠩᠭᠡᠷᠡᠵᠤ
ᠠᠷᠴᠠᠭ᠎ᠠ ᠦᠭᠡᠶ ᠨᠢᠭᠡ ᠨᠢ ᠮᠠᠠᠳᠤᠵᠤ
ᠠᠷᠭᠠᠯ ᠳᠡᠭᠦᠭ᠍ᠰᠡᠨ ᠨᠢᠭᠡ ᠨᠢ ᠳᠠᠭᠠᠷᠠᠵᠤ
ᠠᠷᠤ ᠭᠠᠵᠠᠷ ᠤᠨ ᠳᠠᠮᠤ ᠶᠢᠨ ᠥᠯᠢᠭᠡᠷ ᠮᠠᠷᠳᠠᠭᠳᠠᠪᠠ᠂
ᠠᠳᠤᠭᠤ ᠮᠠᠨᠠᠭᠰᠠᠨ ᠪᠣᠯᠵᠤ ᠬᠤᠴᠤᠷᠠᠪᠠ
ᠠᠴᠢᠵᠤ ᠳᠠᠭᠤᠰᠤᠭ᠎ᠠ ᠦᠭᠡᠶ ᠪᠠᠷᠠᠭ᠎ᠠ ᠮᠢᠨᠢ
ᠠᠩᠬᠠᠨ ᠳᠠᠭᠠᠨ ᠰᠡᠳᠭᠢᠯ ᠤᠨ ᠳᠡᠩᠭᠡᠭᠡ ᠪᠠᠢ᠌ᠭᠰᠠᠨ ᠶᠤᠮ
᠊᠊᠊᠊᠊᠊᠊᠊᠊᠊᠊᠊᠊᠊᠊ ᠠᠩ ᠭᠡᠵᠤ ᠳᠤᠤᠭᠠᠷᠪᠠ᠂
ᠠᠷᠢᠭᠢ ᠣᠤᠭᠤᠭᠰᠠᠨ ᠪᠣᠯᠵᠤ ᠰᠤᠭᠳᠤᠭᠤᠷᠠᠪᠠ
ᠠᠷᠬᠠᠭ ᠪᠦᠭᠦᠨ ᠢ ᠠᠭᠢᠵᠤ ᠭᠦᠳᠡᠯᠭᠡᠵᠤ
ᠪᠣᠴᠠᠵᠤ ᠶᠠᠪᠣᠭᠰᠠᠨ ᠰᠦᠨᠠᠰᠤᠨ ᠣᠢ᠌ᠤᠠᠬᠠᠷᠯᠠᠪᠠ
ᠣᠬᠠᠭᠠᠨ ᠪᠠᠯᠠᠷᠠᠬᠤ ᠶᠢᠨ ᠊ᠭ᠍ᠱᠡᠨ᠎ᠡ
ᠠᠭᠤᠳᠠᠮ ᠬᠤᠷᠸ᠎ᠠ
ᠣᠭᠢᠯᠠᠵᠤ ᠳᠠᠭᠤᠯᠠᠭᠰᠠᠨ ᠮᠠᠳᠤ ᠪᠣᠯᠵᠤ
ᠡᠷᠯᠢᠭ᠌ ᠤᠨ ᠨᠤᠮᠤᠨ ᠬᠠᠭᠠᠨ ᠤ ᠰᠡᠳᠭᠢᠯ ᠮᠠᠳᠤ ᠪᠣᠯᠪᠠ᠂
ᠡᠷᠯᠢᠭ᠌ ᠤᠨ ᠨᠤᠮᠤᠨ ᠬᠠᠭᠠᠨ ᠳᠤ ᠰᠡᠳᠭᠢᠯ ᠪᠠᠢ᠌ᠪᠠᠤ︖
ᠪᠣᠴᠠᠵᠤ ᠢᠷᠡᠭ᠍ᠰᠡᠨ ᠰᠦᠨᠠᠰᠤ ᠨᠥᠭᠦᠤᠨ
᠊᠊᠊᠊᠊᠊᠊᠊᠊᠊᠊᠊᠊᠊᠊ ᠭᠦᠮᠤᠨ ᠤ ᠣᠷᠴᠢᠯᠠᠩ ᠳᠤ ᠣᠴᠢᠯ᠎ᠠ ᠭᠡᠵᠤ
ᠬᠦᠩᠭᠡᠨ ᠪᠠᠰᠠ ᠬᠠᠭᠤᠮᠠᠬᠠᠢ ᠶᠠᠭᠤᠮ᠎ᠠ ᠦᠵᠡᠯ᠎ᠠ ᠭᠡᠵᠤ
ᠭᠦᠡᠳᠦᠭᠡᠨ ᠬᠠᠷ᠎ᠠ ᠳᠠᠷᠤᠭᠰᠠᠨ ᠨᠢ ᠭᠡᠴᠡᠭᠦᠤ ᠭᠡᠵᠤ ᠭᠡᠯᠡᠯ᠎ᠡ᠂
ᠵᠡᠭᠦᠳᠤᠨ ᠡᠴᠡ ᠪᠣᠴᠠᠭᠰᠠᠨ ᠥᠵᠡᠭ᠍ᠳᠡᠯ ᠤᠳ ᠪᠠᠯᠠᠷᠠᠨ ᠬᠤᠯᠠᠳᠠᠬᠤ ᠳ᠋ᠤ
ᠵᠢᠷᠦᠭᠡ ᠮᠢᠨᠢ ᠪᠣᠷᠬᠠᠨ ᠤ ᠨᠤᠮ ᠣᠩᠰᠢᠵᠤ ᠴᠡᠴᠡᠷᠡᠭ᠍ᠰᠡᠨ ᠨᠢ
ᠠᠶᠤᠳᠠᠰᠤ ᠮᠦᠨ ᠪᠢᠯᠢᠤ᠂ ᠪᠢ ᠪᠠᠢ᠌ᠭᠰᠠᠨ ᠪᠢᠯᠢᠤ᠂ ᠡ ᠪᠣᠤ ᠮᠠᠳᠠ︕
ᠵᠤᠬᠢᠶᠠᠭᠴᠢ ᠶᠢᠨ ᠬᠠᠶᠢᠭ ᠄ ᠭᠦᠯᠤᠨ ᠪᠤᠢᠷ
ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2011 ᠤᠨ ᠤ 04 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ